ᠡᠸᠦ᠋ᠷᠦᠫᠡ ᠴᠣᠩᠬᠣ ᠬᠠᠭᠠᠯᠭ᠎ᠠ᠂ ᠰᠢᠯ ᠦᠨ ᠦᠢᠯᠡᠳᠪᠦᠷᠢ ᠠᠰᠢᠭᠯᠠᠯᠲᠠ ᠳᠤ ᠣᠷᠣᠭᠤᠯᠤᠯ᠎ᠠ  | News.MN

ᠡᠸᠦ᠋ᠷᠦᠫᠡ ᠴᠣᠩᠬᠣ ᠬᠠᠭᠠᠯᠭ᠎ᠠ᠂ ᠰᠢᠯ ᠦᠨ ᠦᠢᠯᠡᠳᠪᠦᠷᠢ ᠠᠰᠢᠭᠯᠠᠯᠲᠠ ᠳᠤ ᠣᠷᠣᠭᠤᠯᠤᠯ᠎ᠠ 

︽ᠮᠣᠩᠭᠣᠯ ᠤᠨ ᠠᠯᠲᠠ︾ ᠺᠣᠮᠫᠠᠨᠢ ᠶᠢᠨ ᠲᠥᠰᠥᠯ ᠦᠨ ᠤᠳᠤᠷᠢᠳᠤᠯᠭ᠎ᠠ ᠶᠢᠨ ᠭᠠᠵᠠᠷ ᠤᠨ ᠵᠠᠬᠢᠷᠤᠯ ᠫ∙ᠲᠡᠮᠡᠦᠯᠦᠨ ᠲᠡᠢ ᠶᠠᠷᠢᠯᠴᠠᠯ᠎ᠠ᠃
– ᠲᠠ ᠰᠢᠨ᠎ᠡ ᠦᠢᠯᠡᠳᠪᠦᠷᠢ ᠶᠢᠨ ᠢᠶᠡᠨ ᠲᠠᠯ᠎ᠠ ᠪᠠᠷ ᠲᠣᠳᠣᠷᠬᠠᠢ ᠮᠡᠳᠡᠭᠡᠯᠡᠯ ᠦᠭᠬᠦ ᠦᠭᠡᠢ ᠤᠤ ︖
– ᠮᠠᠨ ᠤ ᠦᠢᠯᠡᠳᠪᠦᠷᠢ ᠦᠨᠳᠦᠰᠦᠨ ᠭᠤᠷᠪᠠᠨ ᠴᠸᠾ ᠲᠡᠢ᠃ ᠡᠬᠢᠨ ᠦ ᠬᠡᠰᠡᠭ ᠨᠢ ᠮᠣᠳᠣᠨ ᠴᠣᠩᠬᠣ ᠬᠠᠭᠠᠯᠭ᠎ᠠ ᠦᠢᠯᠡᠳᠪᠦᠷᠢᠯᠡᠬᠦ᠂ ᠳᠤᠮᠳᠠ ᠪᠠᠨ ᠰᠢᠯ ᠠᠭᠠᠷ ᠦᠭᠡᠶᠢᠵᠢᠭᠦᠯᠬᠦ ᠬᠡᠰᠡᠭ ᠲᠠᠢ᠂ ᠬᠠᠮᠤᠭ ᠤᠨ ᠰᠡᠭᠦᠯ ᠳᠦ ᠬᠥᠩᠭᠡᠨ ᠴᠠᠭᠠᠨ ᠴᠣᠩᠬᠣ᠂ ᠬᠠᠭᠠᠯᠭ᠎ᠠ ᠦᠢᠯᠡᠳᠪᠦᠷᠢᠯᠡᠬᠦ ᠬᠡᠰᠡᠭ ᠲᠡᠢ᠃ ᠣᠷᠣᠰ ᠡᠴᠡ ᠬᠠᠮᠤᠭ ᠤᠨ ᠳᠡᠭᠡᠳᠦ ᠵᠡᠷᠭᠡᠯᠡᠯ ᠦᠨ ᠮᠣᠳᠣ ᠶᠢ ᠠᠪᠴᠢᠷᠠᠭᠠᠳ ᠭᠧᠷᠮᠠᠨ ᠤ ᠲᠣᠨᠣᠭ ᠲᠥᠬᠥᠭᠡᠷᠦᠮᠵᠢ ᠪᠡᠷ ᠪᠣᠯᠪᠠᠰᠤᠷᠠᠭᠤᠯᠤᠭᠠᠳ ᠳᠡᠭᠡᠳᠦ ᠵᠡᠷᠭᠡ ᠶᠢᠨ ᠴᠢᠨᠠᠷᠲᠠᠢ᠂ ᠡᠸᠦ᠋ᠷᠦᠫᠡ ᠰᠲ᠋ᠠᠨᠳᠠᠷᠲ ᠤᠨ ᠴᠣᠩᠬᠣ ᠬᠠᠭᠠᠯᠭ᠎ᠠ ᠦᠢᠯᠡᠳᠪᠦᠷᠢᠯᠡᠵᠦ ᠪᠠᠶᠢᠨ᠎ᠠ᠃ ᠭᠧᠷᠮᠠᠨ ᠤ ᠲᠣᠨᠣᠭ ᠲᠥᠬᠥᠭᠡᠷᠦᠮᠵᠢ ᠰᠣᠩᠭᠣᠭᠰᠠᠨ ᠤ ᠤᠴᠢᠷ ᠨᠢ ᠰᠲ᠋ᠠᠨᠳᠠᠷᠲ ᠤᠨ ᠠᠯᠳᠠᠭᠳᠠᠯ ᠪᠠᠶᠢᠬᠤ ᠦᠭᠡᠢ᠃ ᠮᠣᠩᠭᠣᠯᠴᠤᠳ ᠮᠡᠳᠡᠨ᠎ᠡ ᠳ᠋ᠡ᠃ ᠮᠣᠳᠣᠨ ᠴᠤᠩᠬᠤ ᠨᠤᠭᠤᠳ ᠵᠢᠯ᠂ ᠬᠣᠶᠠᠷ ᠵᠢᠯ ᠦᠨ ᠳᠠᠷᠠᠭ᠎ᠠ ᠭᠠᠵᠢᠳᠠᠭ᠃

– ᠲᠠᠨ ᠤ ᠦᠢᠯᠡᠳᠪᠦᠷᠢ ᠶᠢᠨ ᠪᠦᠬᠦ ᠳᠠᠮᠵᠢᠯᠭ᠎ᠠ ᠬᠦᠮᠦᠨ ᠦ ᠣᠷᠣᠯᠴᠠᠭ᠎ᠠ ᠪᠠᠶᠢᠬᠤ ᠦᠭᠡᠢ ᠤᠤ︖
– ᠰᠢᠯ ᠪᠣᠯᠪᠠᠰᠤᠷᠠᠭᠤᠯᠬᠤ ᠬᠡᠰᠡᠭ ᠳᠡᠭᠡᠷ᠎ᠡ ᠠᠦ᠋ᠰᠲᠷᠢᠶ᠎ᠠ ᠶᠢᠨ ᠯᠢᠰᠧ ᠺᠣᠮᠫᠠᠨᠢ ᠶᠢᠨ ᠪᠦᠷᠢᠨ ᠠᠦ᠋ᠲ᠋ᠣᠮᠠᠲ ᠲᠣᠨᠣᠭ ᠲᠥᠬᠥᠭᠡᠷᠦᠮᠵᠢ ᠶᠢ ᠰᠣᠩᠭᠣᠭᠰᠠᠨ᠃ ᠠᠦ᠋ᠲ᠋ᠣᠮᠠᠲ ᠲᠥᠬᠥᠭᠡᠷᠦᠮᠵᠢ ᠳᠡᠭᠡᠷ᠎ᠡ ᠰᠢᠯ ᠢ ᠬᠡᠷᠡᠭᠯᠡᠭᠴᠢ ᠶᠢᠨ ᠬᠦᠰᠡᠭᠰᠡᠨ ᠬᠡᠮᠵᠢᠶ᠎ᠡ ᠵᠠᠭᠪᠤᠷ ᠢᠶᠠᠷ ᠵᠦᠰᠦᠭᠡᠳ᠂ ᠪᠦᠷᠢᠨ ᠠᠦ᠋ᠲ᠋ᠣᠮᠠᠲ ᠱᠤᠭᠤᠮ ᠢᠶᠠᠷ ᠠᠷᠭᠤᠨᠵᠢᠭᠤᠯᠵᠤ ᠪᠢᠲᠡᠭᠦᠮᠵᠢᠯᠡᠳᠡᠭ᠃ ᠬᠦᠮᠦᠨ ᠦ ᠣᠷᠣᠯᠴᠠᠭ᠎ᠠ ᠪᠠᠶᠢᠬᠤ ᠦᠭᠡᠢ ᠪᠡᠷ ᠠᠦ᠋ᠲ᠋ᠣᠮᠠᠲ ᠮᠠᠰᠢᠨ ᠮᠠᠨᠢ ᠪᠦᠭᠦᠳᠡ ᠶᠢ ᠨᠢ ᠬᠢᠳᠡᠭ ᠭᠡᠰᠡᠨ ᠦᠭᠡ᠃ ᠲᠡᠭᠡᠬᠦ ᠪᠡᠷ ᠰᠢᠯ ᠢᠶᠡᠷ ᠳᠤᠯᠠᠭᠠᠨ ᠠᠯᠳᠠᠬᠤ ᠦᠭᠡᠢ᠃ ᠬᠥᠩᠭᠡᠨ ᠴᠠᠭᠠᠨ ᠤ ᠬᠡᠰᠡᠭ ᠲᠦ ᠪᠡᠨ ᠭᠧᠷᠮᠠᠨ ᠤ ᠲᠣᠨᠣᠭ ᠲᠥᠬᠥᠭᠡᠷᠦᠮᠵᠢ ᠶᠢ ᠰᠣᠩᠭᠣᠭᠰᠠᠨ᠃

– ᠲᠣᠨᠣᠭ ᠲᠥᠬᠥᠭᠡᠷᠦᠮᠵᠢ ᠡᠴᠡ ᠭᠠᠳᠠᠨ᠎ᠠ ᠲᠠᠨ ᠤ ᠪᠦᠲᠦᠭᠡᠭᠳᠡᠬᠦᠨ ᠨᠦᠭᠦᠳ ᠦᠨ ᠠᠳᠠᠯᠢ ᠲᠥᠰᠲᠡᠢ ᠪᠦᠲᠦᠭᠡᠭᠳᠡᠬᠦᠨ ᠨᠦᠭᠦᠳ ᠡᠴᠡ ᠢᠯᠭᠠᠷᠠᠬᠤ ᠣᠨᠴᠠᠯᠢᠭ ᠨᠢ ᠶᠠᠭᠤ ᠪᠤᠢ︖
– ᠪᠢᠳᠡ ᠲᠦᠭᠦᠬᠡᠢ ᠡᠳ᠋ ᠍ ᠢᠶᠡᠨ ᠮᠠᠰᠢ ᠴᠢᠬᠤᠯᠠᠴᠢᠯᠠᠵᠤ ᠦᠵᠡᠵᠦ ᠪᠠᠶᠢᠭ᠎ᠠ᠃ ᠲᠤᠬᠠᠶᠢᠯᠠᠪᠠᠯ ᠮᠣᠳᠣᠨ ᠬᠠᠭᠠᠯᠭᠠᠨ ᠳᠤ ᠴᠠᠪᠠᠤ ᠮᠠᠰᠢ ᠴᠢᠬᠤᠯᠠ᠃ ᠮᠠᠭᠤ ᠴᠠᠪᠠᠤ ᠬᠡᠷᠡᠭᠯᠡᠪᠡᠯ ᠳᠠᠷᠠᠭ᠎ᠠ ᠨᠢ ᠠᠮᠠᠷᠬᠠᠨ ᠰᠠᠯᠳᠠᠭ᠃ ᠲᠡᠭᠦᠨ ᠡᠴᠡ ᠰᠡᠷᠭᠡᠶᠢᠯᠡᠭᠡᠳ ᠭᠧᠷᠮᠠᠨ ᠤ ᠺᠣᠮᠫᠠᠨᠢ ᠲᠠᠢ ᠬᠠᠮᠲᠤᠷᠠᠵᠤ ᠂ ᠵᠣᠷᠢᠭᠤᠯᠤᠯᠲᠠ ᠶᠢᠨ ᠴᠠᠪᠠᠤ ᠠᠪᠴᠤ ᠬᠡᠷᠡᠭᠯᠡᠵᠦ ᠪᠠᠶᠢᠨ᠎ᠠ᠃

ᠰᠡᠳᠬᠢᠭᠳᠡᠯ ᠦᠯᠡᠳᠡᠭᠡᠬᠦ