ᠤᠪᠰᠤ  ᠶᠢᠨ ᠴᠠᠭᠳᠠᠭ᠎ᠠ ᠶᠢᠨ ᠳᠠᠷᠤᠭ᠎ᠠ ᠶᠢ ᠠᠵᠢᠯ ᠠᠴᠠ ᠨᠢ ᠴᠢᠯᠦᠭᠡᠯᠡᠵᠡᠢ  | News.MN

 ᠤᠪᠰᠤ  ᠶᠢᠨ ᠴᠠᠭᠳᠠᠭ᠎ᠠ ᠶᠢᠨ ᠳᠠᠷᠤᠭ᠎ᠠ ᠶᠢ ᠠᠵᠢᠯ ᠠᠴᠠ ᠨᠢ ᠴᠢᠯᠦᠭᠡᠯᠡᠵᠡᠢ 

ᠤᠪᠰᠤ ᠠᠶᠢᠮᠠᠭ ᠤᠨ ᠬᠣᠶᠠᠷ ᠰᠤᠮᠤ ᠶᠢᠨ ᠴᠠᠭᠳᠠᠭ᠎ᠠ ᠶᠢᠨ ᠠᠯᠪᠠ ᠬᠠᠭᠠᠭᠴᠢ ᠨᠠᠷ ᠬᠡᠦᠬᠡᠳ  ᠬᠦᠴᠦᠨᠳᠦᠭᠰᠡᠨ᠂ ᠨᠠᠰᠤᠨ ᠳᠤ ᠬᠦᠷᠦᠭᠡ ᠦᠭᠡᠢ ᠬᠡᠦᠬᠡᠳ ᠢ ᠵᠢᠷᠮᠦᠰᠦᠨ ᠪᠣᠯᠭᠠᠭᠰᠠᠨ ᠬᠡᠷᠡᠭ ᠲᠦ ᠬᠣᠯᠪᠣᠭᠳᠠᠭᠰᠠᠨ᠃ ᠮᠥᠨ ᠲᠤᠰ ᠠᠶᠢᠮᠠᠭ ᠤᠨ ᠴᠠᠭᠳᠠᠭ᠎ᠠ ᠶᠢᠨ ᠭᠠᠵᠠᠷ ᠤᠨ ᠳᠠᠷᠤᠭ᠎ᠠ ᠲᠠᠢ ᠬᠣᠯᠪᠣᠭ᠎ᠠ ᠲᠠᠢ  ᠲᠠᠭ᠎ᠠ ᠦᠭᠡᠢ ᠮᠡᠳᠡᠭᠡᠯᠡᠯ ᠦᠳ ᠭᠠᠷᠬᠤ ᠪᠣᠯᠤᠭᠰᠠᠨ ᠪᠢᠯᠡ᠃ ᠡᠭᠦᠨ ᠲᠡᠢ ᠬᠣᠯᠪᠣᠭᠳᠠᠭᠤᠯᠤᠨ᠂ ᠴᠠᠭᠳᠠᠭ᠎ᠠ ᠶᠢᠨ ᠶᠡᠷᠦᠩᠬᠡᠢ ᠭᠠᠵᠠᠷ ᠤᠨ ᠶᠤᠰᠤ ᠵᠦᠢ ᠶᠢᠨ ᠬᠣᠷᠢᠶᠠᠨ ᠤ ᠰᠢᠯᠭᠠᠯᠲᠠ ᠣᠴᠢᠵᠤ᠂ ᠠᠶᠢᠮᠠᠭ ᠤᠨ ᠴᠠᠭᠳᠠᠭ᠎ᠠ ᠶᠢᠨ ᠭᠠᠵᠠᠷ ᠤᠨ ᠳᠠᠷᠤᠭ᠎ᠠ᠂ ᠴᠠᠭᠳᠠᠭ᠎ᠠ ᠶᠢᠨ ᠬᠤᠷᠠᠩᠳᠠ ᠴ∙ᠯᠾᠬᠠᠪᠠᠳᠤᠷᠵᠢ ᠶᠢ ᠠᠯᠪᠠᠨ ᠲᠤᠰᠢᠶᠠᠯ ᠠᠴᠠ ᠨᠢ ᠴᠢᠯᠦᠭᠡᠯᠡᠵᠦ᠂ ᠣᠷᠣᠨ ᠳᠤ ᠨᠢ ᠲᠤᠰ ᠭᠠᠵᠠᠷ ᠤᠨ ᠡᠷᠡᠭᠦᠦ ᠶᠢᠨ ᠲᠠᠰᠤᠭ ᠤᠨ ᠳᠠᠷᠤᠭ᠎ᠠ᠂ ᠳᠡᠳ᠋ ᠬᠤᠷᠠᠩᠳᠠ ᠪ∙ᠮᠥᠩᠬᠡᠪᠠᠲᠤ ᠶᠢ ᠲᠣᠮᠢᠯᠠᠭᠰᠠᠨ ᠪᠠᠶᠢᠨ᠎ᠠ᠃

ᠰᠡᠳᠬᠢᠭᠳᠡᠯ ᠦᠯᠡᠳᠡᠭᠡᠬᠦ