ᠭᠠᠳᠠᠭᠠᠳᠤ ᠳᠤ ᠪᠠᠶᠢᠭ᠎ᠠ ᠢᠷᠭᠡᠳ ᠢ ᠴᠠᠬᠢᠮ ᠢᠶᠠᠷ ᠪᠦᠷᠢᠳᠬᠡᠵᠦ ᠪᠠᠶᠢᠨ᠎ᠠ  | News.MN

ᠭᠠᠳᠠᠭᠠᠳᠤ ᠳᠤ ᠪᠠᠶᠢᠭ᠎ᠠ ᠢᠷᠭᠡᠳ ᠢ ᠴᠠᠬᠢᠮ ᠢᠶᠠᠷ ᠪᠦᠷᠢᠳᠬᠡᠵᠦ ᠪᠠᠶᠢᠨ᠎ᠠ 

ᠭᠠᠳᠠᠭᠠᠳᠤ ᠳᠤ ᠵᠢᠷᠭᠤᠭᠠᠨ ᠰᠠᠷ᠎ᠠ ᠠᠴᠠ ᠳᠡᠭᠡᠭᠰᠢ ᠬᠤᠭᠤᠴᠠᠭ᠎ᠠ ᠪᠠᠷ ᠣᠷᠣᠰᠢᠨ ᠰᠠᠭᠤᠭ᠎ᠠ ᠢᠷᠭᠡᠳ ᠢᠶᠡᠨ ᠴᠠᠬᠢᠮ ᠢᠶᠠᠷ ᠪᠦᠷᠢᠳᠬᠡᠵᠦ ᠪᠠᠶᠢᠨ᠎ᠠ᠃ ᠮᠣᠩᠭᠣᠯ ᠤᠯᠤᠰ ᠤᠨ ᠢᠷᠭᠡᠨ ︽ᠭᠠᠳᠠᠭᠠᠳᠤ ᠳᠤ ᠬᠤᠪᠢ ᠶᠢᠨ ᠬᠡᠷᠡᠭ ᠢᠶᠡᠷ ᠵᠣᠷᠴᠢᠬᠤ᠂ ᠴᠠᠭᠠᠴᠢᠯᠠᠬᠤ ᠲᠤᠬᠠᠢ ᠬᠠᠤᠯᠢ︾ ᠶᠢᠨ 9.5 ᠳᠦ  ︽ᠭᠠᠳᠠᠭᠠᠳᠤ ᠳᠤ ᠤᠳᠠᠭᠠᠨ ᠬᠤᠭᠤᠴᠠᠭ᠎ᠠ ᠪᠠᠷ ᠪᠣᠯᠤᠨ ᠴᠠᠭᠠᠴᠢᠯᠠᠨ ᠰᠠᠭᠤᠭ᠎ᠠ ᠮᠣᠩᠭᠣᠯ ᠤᠯᠤᠰ ᠤᠨ ᠢᠷᠭᠡᠨ ᠲᠤᠰ ᠤᠯᠤᠰ ᠤᠨ ᠳ᠋ᠢᠫᠯᠣᠮᠠᠲ ᠲᠥᠯᠥᠭᠡᠯᠡᠭᠴᠢ ᠶᠢᠨ ᠪᠣᠯᠤᠨ ᠺᠤᠨᠰᠦ᠋ᠯ ᠤᠨ ᠭᠠᠵᠠᠷ ᠲᠤ ᠬᠠᠶ᠋ᠢᠭ ᠤᠨ ᠪᠦᠷᠢᠳᠬᠡᠯ ᠬᠢᠯᠭᠡᠵᠦ ᠪᠠᠶᠢᠬᠤ ᠡᠭᠦᠷᠭᠡ ᠲᠡᠢ︾ ᠭᠡᠵᠦ ᠵᠢᠭᠠᠭᠰᠠᠨ ᠤ ᠳᠠᠭᠠᠤ ᠭᠠᠳᠠᠭᠠᠳᠤ ᠳᠤ 183 ᠬᠣᠨᠣᠭ ᠠᠴᠠ ᠳᠡᠭᠡᠭᠰᠢ ᠬᠤᠭᠤᠴᠠᠭ᠎ᠠ ᠪᠠᠷ ᠣᠷᠣᠰᠢᠨ ᠰᠠᠭᠤᠵᠤ ᠪᠠᠶᠢᠭ᠎ᠠ ᠮᠣᠩᠭᠣᠯ ᠤᠯᠤᠰ ᠤᠨ ᠢᠷᠭᠡᠳ ᠪᠦᠷᠢᠳᠬᠡᠯ ᠳᠦ ᠬᠠᠮᠤᠷᠤᠭᠳᠠᠨ᠎ᠠ᠃ ᠡᠨᠡᠬᠦ ᠪᠦᠷᠢᠳᠬᠡᠯ ᠮᠡᠳᠡᠭᠡᠯᠡᠯ ᠢ ᠪᠤᠢ ᠪᠣᠯᠭᠠᠵᠤ᠂ ᠲᠣᠭᠲᠠᠮᠠᠯᠵᠢᠭᠤᠯᠤᠭᠰᠠᠨ ᠢᠶᠠᠷ ᠢᠷᠭᠡᠳ ᠦᠨ ᠡᠷᠬᠡ᠂ ᠠᠰᠢᠭ ᠰᠣᠨᠢᠷᠬᠠᠯ ᠢ ᠬᠠᠮᠠᠭᠠᠯᠠᠬᠤ᠂ ᠬᠠᠤᠯᠢ ᠡᠷᠬᠡ ᠵᠦᠢ ᠶᠢᠨ ᠲᠤᠰᠠᠯᠠᠯᠴᠠᠭ᠎ᠠ ᠶᠢ ᠰᠢᠭᠤᠷᠬᠠᠢ ᠦᠵᠡᠭᠦᠯᠬᠦ᠂ᠢᠷᠭᠡᠨ ᠦ ᠪᠦᠷᠢᠳᠬᠡᠯ᠂ ᠴᠠᠬᠢᠮ ᠦᠢᠯᠡᠴᠢᠯᠡᠭᠡᠨ ᠦ ᠬᠦᠷᠲᠡᠭᠡᠮᠵᠢ ᠶᠢ ᠰᠠᠶᠢᠵᠢᠷᠠᠭᠤᠯᠬᠤ ᠰᠠᠭᠤᠷᠢ ᠰᠠᠩ ᠪᠤᠢ ᠪᠣᠯᠬᠤ ᠶᠤᠮ᠃

ᠰᠡᠳᠬᠢᠭᠳᠡᠯ ᠦᠯᠡᠳᠡᠭᠡᠬᠦ