ᠭ∙ᠰᠢᠷᠠᠪᠵᠠᠮᠰᠤ ᠶᠢᠨ ᠭᠠᠷ ᠤᠨ ᠬᠡᠪ ︽ᠠᠯᠳᠠᠷ ᠤᠨ ᠪᠠᠭᠠᠨ᠎ᠠ︾ ᠳᠦ ᠮᠥᠩᠬᠡᠷᠡᠯ᠎ᠡ  | News.MN

ᠭ∙ᠰᠢᠷᠠᠪᠵᠠᠮᠰᠤ ᠶᠢᠨ ᠭᠠᠷ ᠤᠨ ᠬᠡᠪ ︽ᠠᠯᠳᠠᠷ ᠤᠨ ᠪᠠᠭᠠᠨ᠎ᠠ︾ ᠳᠦ ᠮᠥᠩᠬᠡᠷᠡᠯ᠎ᠡ 

ᠮᠣᠩᠭᠣᠯ ᠤᠯᠤᠰ ᠤᠨ  ᠭᠠᠪᠢᠶᠠᠲᠤ ᠲᠠᠮᠢᠷᠴᠢᠨ ᠭ∙ᠨᠠᠷᠠᠨᠲᠤᠩᠭᠠᠯᠠᠭ ᠤᠨ ᠬᠡᠯᠡᠭᠰᠡᠨ ︽ᠵᠣᠷᠢᠯᠭ᠎ᠠ ᠠᠴᠠ ᠪᠠᠨ ᠠᠩᠬᠠᠷᠤᠯ ᠢᠶᠠᠨ ᠰᠠᠯᠭᠠᠯ ᠦᠭᠡᠢ ᠪᠡᠷ ᠲᠡᠭᠦᠨ ᠳᠦ ᠪᠡᠨ ᠴᠢᠭᠯᠡᠭᠰᠡᠨ ᠦᠢᠯᠡᠳᠦᠯ ᠢ ᠪᠠᠶᠢᠩᠭᠤ ᠬᠢᠵᠦ ᠬᠦᠰᠡᠯ᠂ ᠮᠥᠷᠥᠭᠡᠳᠦᠯ ᠢᠶᠡᠨ ᠠᠮᠢᠳᠤ ᠪᠠᠶᠢᠯᠭ᠎ᠠ︾ ᠬᠡᠮᠡᠬᠦ ᠦᠭᠡ ᠤᠷᠲᠤ ᠴᠠᠭᠠᠨ ᠤ ᠭᠤᠳᠤᠮᠵᠢᠨ ᠤ  ︽ᠠᠯᠳᠠᠷ ᠤᠨ ᠪᠠᠭᠠᠨ᠎ᠠ︾ ᠍ ᠳᠦ ᠮᠥᠩᠬᠡᠷᠡᠯ᠎ᠡ᠃ ᠮᠥᠨ ᠮᠣᠩᠭᠣᠯ ᠤᠯᠤᠰ ᠤᠨ  ᠭᠠᠪᠢᠶᠠᠲᠤ ᠲᠠᠮᠢᠷᠴᠢᠨ ᠭ∙ᠰᠢᠷᠠᠪᠵᠠᠮᠰᠤ ᠶᠢᠨ ᠪᠠᠷᠠᠭᠤᠨ ᠭᠠᠷ ᠤᠨ ᠬᠡᠪ ᠢ ᠤᠭ ᠪᠠᠭᠠᠨ᠎ᠠ ᠳᠤ ᠮᠥᠩᠬᠡᠯᠡᠯ᠎ᠡ᠃ ᠡᠭᠦᠨ ᠢ ᠤᠯᠠᠭᠠᠨᠪᠠᠭᠠᠲᠤᠷ ᠬᠣᠲᠠ ᠳ᠋ᠡᠬᠢ ᠡᠷᠳᠡᠨᠢᠲᠦ ᠶᠢᠨ ᠨᠤᠲᠤᠭ ᠤᠨ ᠵᠥᠪᠯᠡᠯ ᠰᠠᠨᠠᠭᠠᠴᠢᠯᠠᠵᠤ ᠂ ᠤᠷᠲᠤ ᠴᠠᠭᠠᠨ ᠤ ᠭᠤᠳᠤᠮᠵᠢᠨ ᠳᠤ ᠡᠷᠳᠡᠨᠢᠲᠦ ᠬᠣᠲᠠ ᠠᠴᠠ ᠲᠦᠷᠦᠭᠰᠡᠨ ᠭᠠᠪᠢᠶᠠᠲᠠᠨ ᠨᠤᠭᠤᠳ ᠤᠨ ᠠᠮᠵᠢᠯᠲᠠ᠂ ᠵᠢᠷᠤᠭ᠂ ᠬᠡᠯᠡᠭᠰᠡᠨ ᠦᠭᠡ ᠶᠢ ᠨᠢ ᠮᠥᠩᠬᠡᠯᠡᠵᠦ᠂ ᠠᠯᠳᠠᠷᠰᠢᠭᠤᠯᠬᠤ ᠵᠣᠷᠢᠯᠭ᠎ᠠ ᠪᠠᠷ ︽ᠠᠯᠳᠠᠷ ᠤᠨ ᠪᠠᠭᠠᠨ᠎ᠠ︾ ᠪᠠᠶᠢᠭᠤᠯᠵᠤ ᠪᠠᠶᠢᠨ᠎ᠠ᠃
ᠭ∙ᠰᠢᠷᠠᠪᠵᠠᠮᠰᠤ ᠬᠡᠯᠡᠬᠦ ᠳᠦ ᠪᠡᠨ᠄ ᠪᠢ 1979 ᠣᠨ ᠠᠴᠠ ᠬᠣᠶᠢᠰᠢ ᠡᠷᠳᠡᠨᠢᠲᠦ ᠬᠣᠲᠠ ᠲᠠᠢ ᠬᠤᠪᠢ ᠵᠠᠶᠠᠭ᠎ᠠ ᠪᠠᠨ ᠬᠣᠯᠪᠣᠵᠤ ᠤᠯᠠᠮ ᠢᠶᠠᠷ ᠡᠷᠳᠡᠨᠢᠲᠦ ᠪᠡᠷ ᠢᠶᠡᠨ ᠣᠪᠤᠭᠯᠠᠭᠰᠠᠨ ᠲᠠᠮᠢᠷᠴᠢᠨ ᠪᠣᠯᠵᠤ ᠶᠡᠬᠡ ᠰᠫᠤᠷᠲ ᠲᠤ ᠬᠥᠯ ᠲᠠᠯᠪᠢᠭᠰᠠᠨ᠃ ᠣᠯᠠᠨ ᠴᠤ ᠠᠮᠵᠢᠯᠲᠠ ᠭᠠᠷᠭᠠᠭᠰᠠᠨ᠃ ᠡᠨᠡ ᠪᠠᠭᠠᠨ᠎ᠠ ᠳᠤ ᠰᠠᠭᠰᠤᠨ ᠪᠥᠮᠪᠥᠭᠡ ᠲᠣᠭᠯᠠᠬᠤ ᠳᠤ ᠭᠣᠣᠯ ᠡᠭᠦᠷᠭᠡ ᠭᠦᠢᠴᠡᠳᠭᠡᠳᠡᠭ ᠪᠠᠷᠠᠭᠤᠨ ᠭᠠᠷ ᠤᠨ ᠢᠶᠠᠨ ᠬᠡᠪ ᠢ ᠵᠡᠰ ᠢᠶᠡᠷ ᠤᠷᠠᠯᠠᠵᠤ ᠦᠯᠡᠳᠡᠭᠡᠵᠦ ᠪᠠᠶᠢᠭ᠎ᠠ ᠳᠤ ᠪᠠᠨ ᠪᠠᠶᠠᠷᠲᠠᠢ ᠪᠠᠶᠢᠨ᠎ᠠ ᠭᠡᠯ᠎ᠡ᠃

ᠰᠡᠳᠬᠢᠭᠳᠡᠯ ᠦᠯᠡᠳᠡᠭᠡᠬᠦ