ᠪᠠᠶᠢᠲᠤ ᠬᠠᠷᠪᠤᠭᠠᠴᠢᠳ ᠰᠢᠯᠢᠳᠡᠭ ᠨᠠᠢᠮᠠ ᠳᠤ ᠦᠯᠡᠳᠡᠪᠡ  | News.MN

ᠪᠠᠶᠢᠲᠤ ᠬᠠᠷᠪᠤᠭᠠᠴᠢᠳ ᠰᠢᠯᠢᠳᠡᠭ ᠨᠠᠢᠮᠠ ᠳᠤ ᠦᠯᠡᠳᠡᠪᠡ 

︽ᠲᠤᠤᠺᠢᠤ᠋ 2020 ︾ ᠫᠠᠷᠠᠯᠢᠮᠫ ᠤᠨ ᠨᠠᠭᠠᠳᠤᠮ ᠤᠨ ᠡᠷᠬᠡ ᠣᠯᠭᠣᠬᠤ ᠫᠠᠷᠠ ᠪᠠᠶᠢᠲᠤ ᠬᠠᠷᠪᠤᠭᠠᠨ ᠤ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠨᠢᠳᠧᠷᠯᠠᠨ᠋ᠳ᠋ ᠍ ᠤᠨ ᠾᠸᠷᠲ᠋ᠠᠭ᠍ᠸᠨᠪᠤᠱ  ᠬᠤᠲᠠ ᠳᠤ ᠵᠢᠷᠭᠤᠳᠤᠭᠠᠷ ᠰᠠᠷ᠎ᠠ ᠶᠢᠨ 3-9 ᠳᠤ ᠪᠣᠯᠤᠯ᠎ᠠ᠃ 52 ᠣᠷᠣᠨ ᠤ 292 ᠲᠠᠮᠢᠷᠴᠢᠨ 70 M᠂ 50 M  ᠤᠨ ᠲᠥᠷᠥᠯ  ᠳᠤ ᠥᠷᠢᠰᠦᠯᠳᠦᠵᠦ ᠰᠢᠯᠢᠳᠡᠭ ᠦᠳ ᠢᠶᠡᠨ ᠲᠣᠳᠣᠷᠠᠭᠤᠯᠪᠠ᠃  ︽ᠪᠡᠭᠡᠵᠢᠩ 2008︾ ᠫᠠᠷᠠᠯᠢᠮᠫ ᠤᠨ ᠨᠠᠭᠠᠳᠤᠮ ᠤᠨ ᠠᠪᠤᠷᠭᠤ᠂ ᠬᠥᠳᠡᠯᠮᠦᠷᠢ ᠶᠢᠨ ᠪᠠᠭᠠᠲᠤᠷ᠂ ᠭᠠᠪᠢᠶᠠᠲᠤ ᠲᠠᠮᠢᠷᠴᠢᠨ ᠳ ∙ ᠪᠠᠭᠠᠲᠤᠷᠵᠠᠪ ᠢᠶᠠᠷ ᠠᠬᠠᠯᠠᠭᠤᠯᠤᠭᠰᠠᠨ ᠳᠣᠯᠣᠭᠠᠨ ᠬᠦᠮᠦᠨ ᠦ ᠪᠦᠷᠢᠯᠳᠦᠬᠦᠨ ᠲᠡᠢ ᠪᠠᠭ ᠣᠷᠣᠯᠴᠠᠵᠤ᠂ ᠴᠡᠴᠡ ᠮᠡᠷᠭᠡᠨ ᠢᠶᠡᠨ ᠰᠣᠷᠢᠭᠰᠠᠨ ᠶᠤᠮ᠃
ᠮᠠᠨ ᠤ ᠲᠠᠮᠢᠷᠴᠢᠳ70 M ᠲᠤ ᠥᠷᠢᠰᠦᠯᠳᠦᠭᠰᠡᠨ ᠪᠥᠭᠡᠳ  ᠬᠤᠪᠢ ᠶᠢᠨ ᠬᠠᠷᠪᠤᠭᠠᠨ ᠳᠤ ᠰᠢᠯᠢᠳᠡᠭ 16 ᠍ ᠳᠦ ᠦᠯᠡᠳᠡᠭᠰᠡᠨ᠃ ᠬᠣᠯᠢᠮᠠᠭ ᠪᠠᠭ ᠤᠨ ᠲᠥᠷᠥᠯ ᠳᠦ ᠠ᠊∙ᠠᠩᠬᠡᠪᠠᠶᠠᠷ᠂ ᠪ ∙ᠣᠶᠤᠨ-ᠡᠷᠳᠡᠨᠢ ᠨᠠᠷ ᠥᠷᠢᠰᠦᠯᠳᠦᠵᠦ᠂ ᠡᠬᠢᠨ ᠦ ᠬᠠᠷᠪᠤᠭᠠᠨ ᠳᠤ ᠭᠣᠴᠣ ᠮᠥᠷᠭᠥᠵᠦ᠂  ᠫᠤᠯᠱᠠ ᠶᠢᠨ ᠪᠠᠭ ᠢ 5᠄3 ᠪᠠᠷ ᠬᠣᠵᠢᠵᠤ ᠰᠢᠯᠢᠳᠡᠭ ᠨᠠᠢᠮᠠ ᠳᠤ ᠦᠯᠡᠳᠡᠭᠰᠡᠨ ᠶᠤᠮ᠃ ᠫᠠᠷᠠ ᠪᠠᠶᠢᠲᠤ ᠬᠠᠷᠪᠤᠭᠠᠨ ᠤ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠡᠴᠡ ᠠᠮᠧᠷᠢᠺᠠ ᠂ ᠪᠦᠭᠦᠳᠡ ᠨᠠᠶᠢᠷᠠᠮᠳᠠᠬᠤ ᠰᠤᠯᠤᠩᠭᠤᠰ ᠤᠯᠤᠰ᠂ ᠣᠷᠣᠰ ᠂ ᠢᠲ᠋ᠠᠯᠢ᠂ ᠪᠦᠭᠦᠳᠡ ᠨᠠᠶᠢᠷᠠᠮᠳᠠᠬᠤ ᠬᠢᠲᠠᠳ ᠠᠷᠠᠳ ᠤᠯᠤᠰ ᠵᠡᠷᠭᠡ ᠣᠷᠣᠨ ᠤ ᠲᠠᠮᠢᠷᠴᠢᠳ ︽ ᠲᠤᠤᠺᠢᠤ᠋ 2020︾ ᠫᠠᠷᠠᠯᠢᠮᠫ ᠤᠨ ᠨᠠᠭᠠᠳᠤᠮ ᠤᠨ ᠡᠷᠬᠡ ᠪᠡᠨ ᠠᠪᠴᠠᠢ᠃

ᠰᠡᠳᠬᠢᠭᠳᠡᠯ ᠦᠯᠡᠳᠡᠭᠡᠬᠦ