ᠣ᠊∙ᠪᠠᠰᠠᠩᠬᠦᠦ ᠠᠷᠠᠳᠴᠢᠯᠠᠭᠰᠠᠨ ᠨᠠᠮ  ᠲᠠᠢ ᠨᠢᠭᠡᠳᠦᠨ᠎ᠡ | News.MN

ᠣ᠊∙ᠪᠠᠰᠠᠩᠬᠦᠦ ᠠᠷᠠᠳᠴᠢᠯᠠᠭᠰᠠᠨ ᠨᠠᠮ  ᠲᠠᠢ ᠨᠢᠭᠡᠳᠦᠨ᠎ᠡ

ᠤᠯᠤᠰ ᠤᠨ ᠶᠡᠬᠡ ᠬᠤᠷᠠᠯ ᠤᠨ ᠭᠡᠰᠢᠭᠦᠨ ᠣ᠊∙ᠪᠠᠰᠠᠩᠬᠦᠦ ᠠᠷᠠᠳᠴᠢᠯᠠᠭᠰᠠᠨ᠍ ᠨᠠᠮ ᠤᠨ ᠵᠦᠪᠯᠡᠯ ᠳᠦ ᠤᠷᠤᠬᠤ  ᠬᠦᠰᠡᠯᠲᠡ ᠪᠡᠨ ᠠᠯᠪᠠᠨ ᠶᠣᠰᠣᠭᠠᠷ ᠬᠦᠷᠭᠡᠭᠦᠯᠦᠭᠰᠡᠨ ᠲᠠᠯ᠎ᠠ ᠪᠠᠷ ᠥᠨᠥᠳᠥᠷ ᠮᠡᠳᠡᠭᠡᠯᠡᠪᠡ᠃
ᠲᠡᠷᠡ᠄ ᠮᠢᠨᠦ ᠪᠡᠶ᠎ᠡ ᠥᠨᠥᠳᠥᠷ ᠤᠯᠤᠰ ᠤᠨ ᠶᠡᠬᠡ ᠬᠤᠷᠠᠯ ᠳ᠋ᠡᠬᠢ ᠠᠷᠠᠳᠴᠢᠯᠠᠭᠰᠠᠨ ᠨᠠᠮ ᠍ ᠤᠨ ᠵᠥᠪᠯᠡᠯ ᠦᠨ ᠳᠠᠷᠤᠭ᠎ᠠ ᠳ∙ᠡᠷᠳᠡᠨᠢᠪᠠᠲᠤ ᠳᠤ ᠲᠤᠰ ᠨᠠᠮ ᠤᠨ ᠵᠦᠪᠯᠡᠯ ᠳᠦ ᠨᠢᠭᠡᠳᠴᠦ᠂ ᠤᠯᠠᠮ ᠢᠶᠠᠷ ᠬᠦᠴᠦᠲᠡᠢ ᠰᠥᠷᠭᠦ ᠬᠦᠴᠦᠨ ᠪᠠᠶᠢᠭᠤᠯᠬᠤ ᠳᠤ ᠬᠠᠮᠲᠤᠷᠠᠨ ᠠᠵᠢᠯᠯᠠᠬᠤ ᠤᠳᠬ᠎ᠠ ᠪᠦᠬᠦᠢ ᠠᠯᠪᠠᠨ ᠪᠢᠴᠢᠭ ᠬᠦᠷᠭᠡᠭᠦᠯᠦᠭᠰᠡᠨ᠃ ᠥᠭᠡᠷ᠎ᠡ ᠪᠡᠷ ᠬᠡᠯᠡᠪᠡᠯ᠂ ᠮᠣᠩᠭᠣᠯ ᠠᠷᠠᠳ ᠤᠨ ᠬᠤᠪᠢᠰᠬᠠᠯᠲᠤ ᠨᠠᠮ ᠢᠶᠠᠨ ᠲᠥᠯᠦᠭᠡᠯᠡᠵᠦ ᠠᠷᠠᠳᠴᠢᠯᠠᠭᠰᠠᠨ ᠨᠠᠮ ᠢ ᠤᠯᠤᠰ ᠤᠨ ᠶᠡᠬᠡ ᠬᠤᠷᠠᠯ ᠳᠦ ᠪᠦᠯᠦᠭ ᠲᠡᠢ᠂ ᠬᠦᠴᠦᠲᠡᠢ ᠰᠥᠷᠭᠦ ᠬᠦᠴᠦᠨ ᠪᠣᠯᠭᠠᠬᠤ ᠳᠤ ᠨᠢᠭᠡᠳᠴᠦ ᠪᠠᠶᠢᠭ᠎ᠠ ᠶᠤᠮ᠃ ᠤᠯᠤᠰ ᠤᠨ ᠶᠡᠬᠡ ᠬᠤᠷᠠᠯ ᠳᠦ ᠦᠨᠳᠦᠰᠦᠨ ᠬᠠᠤᠯᠢ ᠶᠢᠨ ᠨᠡᠮᠡᠯᠲᠡ ᠥᠭᠡᠷᠡᠴᠢᠯᠡᠯᠲᠡ ᠶᠢᠨ ᠲᠥᠰᠥᠯ ᠢ ᠬᠡᠯᠡᠯᠴᠡᠬᠦ ᠳᠦ ᠬᠦᠴᠦᠲᠡᠢ ᠰᠥᠷᠭᠦ ᠬᠦᠴᠦᠨ ᠪᠠᠶᠢᠬᠤ ᠱᠠᠭᠠᠷᠳᠠᠯᠭ᠎ᠠ ᠲᠠᠢ᠃ ᠡᠭᠦᠨ ᠲᠡᠢ ᠬᠣᠯᠪᠣᠭᠳᠠᠭᠤᠯᠤᠨ ᠤᠯᠤᠰ ᠤᠨ ᠶᠡᠬᠡ ᠬᠤᠷᠠᠯ ᠳᠦ ᠰᠠᠭᠤᠳᠠᠯ ᠦᠭᠡᠢ ᠨᠠᠮ ᠤᠳ ᠶᠡᠷᠦᠩᠬᠡᠶᠢᠯᠡᠭᠴᠢ ᠳᠦ ᠦᠨᠳᠦᠰᠦᠨ ᠦ ᠵᠥᠪᠰᠢᠯᠴᠡᠬᠦ ᠵᠥᠪᠯᠡᠯ ᠪᠠᠶᠢᠭᠤᠯᠬᠤ ᠬᠦᠰᠡᠯᠲᠡ ᠢᠷᠡᠭᠦᠯᠦᠭᠰᠡᠨ ᠪᠠᠶᠢᠨ᠎ᠠ᠃ ᠡᠨᠡ ᠨᠢ ᠰᠥᠷᠭᠦ ᠬᠦᠴᠦᠨ ᠰᠤᠯᠠ ᠪᠠᠶᠢᠭ᠎ᠠ ᠶᠢ ᠢᠯᠡᠷᠬᠡᠶᠢᠯᠡᠵᠦ ᠪᠠᠶᠢᠭ᠎ᠠ ᠶᠤᠮ᠃

2016 ᠣᠨ ᠳᠤ ᠮᠤᠩᠭᠤᠯ ᠠᠷᠠᠳ ᠤᠨ ᠨᠠᠮ ᠍ ᠳᠦ 65 ᠰᠠᠭᠤᠳᠠᠯ ᠪᠤᠶᠤ ᠦᠨᠳᠦᠰᠦᠨ ᠬᠠᠤᠯᠢ  ᠦᠭᠡᠷᠡᠴᠢᠯᠡᠬᠦ ᠡᠷᠬᠡ ᠶᠢ᠂  ᠠᠷᠠᠳᠴᠢᠯᠠᠭᠰᠠᠨ ᠨᠠᠮ ᠍ ᠳᠦ 9 ᠭᠡᠰᠢᠭᠦᠨ ᠲᠡᠢ ᠪᠦᠯᠦᠭ ᠪᠠᠶᠢᠭᠤᠯᠬᠤ ᠡᠷᠬᠡ᠂ ᠮᠣᠩᠭᠣᠯ ᠠᠷᠠᠳ ᠤᠨ ᠬᠤᠪᠢᠰᠬᠠᠯᠲᠤ ᠨᠠᠮ ᠳᠦ ᠨᠢᠭᠡ ᠰᠠᠭᠤᠳᠠᠯ ᠪᠤᠶᠤ ᠶᠡᠷᠦᠩᠬᠡᠶᠢᠯᠡᠭᠴᠢ ᠶᠢᠨ ᠰᠣᠩᠭᠣᠭᠤᠯᠢ ᠳᠤ ᠤᠷᠤᠯᠴᠠᠬᠤ ᠡᠷᠬᠡ ᠶᠢ ᠰᠣᠩᠭᠣᠭᠴᠢᠳ ᠣᠯᠭᠤᠭᠰᠠᠨ᠃ ᠭᠡᠪᠡᠴᠦ ᠮᠤᠩᠭᠤᠯ ᠠᠷᠠᠳ ᠤᠨ ᠨᠠᠮ ᠦᠨᠳᠦᠰᠦᠨ ᠬᠠᠤᠯᠢ ᠶᠢ  ᠦᠭᠡᠷᠡᠴᠢᠯᠡᠬᠦ ᠳᠦ ᠪᠡᠨ᠂ ᠠᠷᠠᠳ ᠲᠦᠮᠡᠨ ᠦ ᠪᠡᠨ ᠰᠠᠨᠠᠯ ᠢ ᠰᠣᠨᠣᠰᠬᠤ ᠦᠭᠡᠢ᠂ ᠡᠷᠬᠡ ᠳᠤᠷ᠎ᠠ ᠪᠠᠷ ᠢᠶᠠᠨ ᠬᠠᠨᠳᠤᠵᠤ ᠪᠠᠶᠢᠨ᠎ᠠ ᠭᠡᠰᠡᠨ ᠰᠢᠭᠦᠮᠵᠢᠯᠡᠯ ᠶᠡᠬᠡ ᠪᠠᠶᠢᠨ᠎ᠠ᠃  ᠠᠷᠠᠳᠴᠢᠯᠠᠭᠰᠠᠨ ᠨᠠᠮ ᠤᠨ ᠪᠦᠯᠦᠭ ᠰᠥᠷᠭᠦ ᠬᠦᠴᠦᠨ ᠪᠣᠯᠵᠤ᠂ ᠠᠷᠠᠳ ᠲᠦᠮᠡᠨ ᠦ ᠡᠮᠦᠨ᠎ᠡ ᠡᠴᠡ ᠪᠠᠶᠢᠷᠢ ᠰᠠᠭᠤᠷᠢ ᠪᠠᠨ ᠢᠯᠡᠷᠬᠡᠶᠢᠯᠡᠬᠦ ᠶᠣᠰᠣᠲᠠᠢ ᠭᠡᠪᠡ᠃

ᠰᠡᠳᠬᠢᠭᠳᠡᠯ ᠦᠯᠡᠳᠡᠭᠡᠬᠦ