ᠮᠣᠩᠭᠣᠯ ᠤᠯᠤᠰ ᠪᠣᠳᠣᠯᠭ᠎ᠠ ᠶᠢᠨ ᠦᠨᠡᠯᠡᠭᠡ ᠪᠡᠷ 3.4 ᠣᠨᠣᠭ᠎ᠠ ᠠᠪᠴᠠᠢ  | News.MN

 ᠮᠣᠩᠭᠣᠯ ᠤᠯᠤᠰ ᠪᠣᠳᠣᠯᠭ᠎ᠠ ᠶᠢᠨ ᠦᠨᠡᠯᠡᠭᠡ ᠪᠡᠷ 3.4 ᠣᠨᠣᠭ᠎ᠠ ᠠᠪᠴᠠᠢ 

ᠳᠡᠯᠡᠬᠡᠢ ᠶᠢᠨ ᠪᠠᠩᠬᠢᠨ ᠤ ᠬᠥᠭᠵᠢᠯ ᠦᠨ ᠪᠣᠳᠣᠯᠭ᠎ᠠ ᠶᠢᠨ ᠬᠣᠯᠪᠣᠭ᠎ᠠ ︵IDA︶᠍  ᠠᠴᠠ ᠬᠢᠳᠡᠭ ᠪᠣᠳᠣᠯᠭ᠎ᠠ ᠶᠢᠨ ᠪᠣᠯᠤᠨ ᠢᠨᠰᠲ᠋ᠢᠲ᠋ᠤᠼ ᠤᠨ ᠦᠨᠡᠯᠡᠭᠡ ᠪᠡᠷ ᠮᠠᠨ ᠤ ᠤᠯᠤᠰ 3.4 ᠣᠨᠣᠭ᠎ᠠ ᠠᠪᠴᠠᠢ᠃
ᠳᠡᠯᠡᠬᠡᠢ ᠶᠢᠨ ᠪᠠᠩᠬᠢ ᠭᠷᠦ᠋ᠫ  ᠦᠨ ᠬᠥᠭᠵᠢᠯ ᠦᠨ ᠪᠣᠳᠣᠯᠭ᠎ᠠ ᠶᠢᠨ ᠬᠣᠯᠪᠣᠭ᠎ᠠ ᠨᠢ ᠤᠯᠤᠰ ᠣᠷᠣᠨ ᠨᠤᠭᠤᠳ ᠤᠨ ᠪᠣᠳᠣᠯᠭ᠎ᠠ ᠶᠢᠨ ᠪᠣᠯᠤᠨ ᠢᠨᠰᠲ᠋ᠢᠲ᠋ᠤᠼ ᠤᠨ ᠦᠨᠡᠯᠡᠭᠡ ᠶᠢ ᠵᠢᠯ ᠪᠦᠷᠢ ᠬᠢᠳᠡᠭ᠃ ᠲᠤᠰ ᠦᠨᠡᠯᠡᠭᠡ ᠪᠡᠷ ᠬᠥᠭᠵᠢᠯ ᠦᠨ ᠪᠣᠳᠣᠯᠭ᠎ᠠ ᠶᠢᠨ ᠬᠣᠯᠪᠣᠭᠠᠨ ᠤ ᠭᠡᠰᠢᠭᠦᠨ ᠣᠷᠣᠨ ᠨᠤᠭᠤᠳ ᠤᠨ ᠶᠠᠳᠠᠭᠤᠷᠠᠯ ᠢ ᠪᠠᠭᠤᠷᠠᠭᠤᠯᠬᠤ᠂ ᠲᠣᠭᠲᠠᠪᠤᠷᠢᠲᠠᠢ ᠥᠰᠦᠯᠲᠡ ᠶᠢ ᠳᠡᠮᠵᠢᠬᠦ ᠳᠦ ᠴᠢᠭᠯᠡᠭᠰᠡᠨ ᠪᠣᠳᠣᠯᠭ᠎ᠠ᠂ ᠢᠨᠰᠲ᠋ᠢᠲ᠋ᠤᠼ ᠤᠨ ᠲᠣᠭᠲᠠᠯᠴᠠᠭ᠎ᠠ ᠶᠢ ᠦᠨᠡᠯᠡᠵᠦ᠂ ᠬᠥᠭᠵᠢᠯ ᠦᠨ ᠲᠤᠰᠠᠯᠠᠮᠵᠢ ᠶᠢ ᠦᠷ᠎ᠡ ᠳ᠋ᠦᠩ ᠲᠡᠢ ᠠᠰᠢᠭᠯᠠᠵᠤ ᠴᠢᠳᠠᠬᠤ ᠡᠰᠡᠬᠦ ᠲᠠᠯᠠᠭᠠᠷᠬᠢ ᠮᠡᠳᠡᠭᠡᠯᠡᠯ ᠢ ᠥᠭᠳᠡᠭ ᠪᠠᠶᠢᠨ᠎ᠠ᠃
2018 ᠣᠨ ᠤ ᠪᠣᠳᠣᠯᠭ᠎ᠠ ᠶᠢᠨ ᠪᠣᠯᠤᠨ ᠢᠨᠰᠲ᠋ᠢᠲ᠋ᠤᠼ ᠤᠨ ᠦᠨᠡᠯᠡᠭᠡ ᠪᠡᠷ ᠮᠣᠩᠭᠣᠯ ᠤᠯᠤᠰ 3.4 ᠭᠡᠰᠡᠨ ᠦᠨᠡᠯᠡᠭᠡ ᠠᠪᠴᠤ᠂ ᠦᠨᠡᠯᠡᠭᠡ ᠬᠢᠭᠳᠡᠭᠰᠡᠨ ᠤᠯᠤᠰ ᠤᠳ ᠤᠨ ᠳᠤᠮᠳᠠᠴᠢ ︵3.2︶ ᠠᠴᠠ ᠥᠨᠳᠥᠷ᠂ ᠰᠠᠶᠢᠵᠢᠷᠠᠭᠰᠠᠨ ᠳ᠋ᠦᠩ ᠭᠠᠷᠤᠯ᠎ᠠ᠃ ᠮᠠᠨ ᠤ ᠤᠯᠤᠰ ᠤᠨ ᠬᠤᠪᠢ ᠳᠤ ᠲᠤᠰ ᠦᠨᠡᠯᠡᠭᠡ 2017 ᠣᠨ ᠳᠤ 3.3᠂ 2016 ᠣᠨ ᠳᠤ 3.2 ᠪᠠᠶᠢᠪᠠ᠃ ᠦᠨᠡᠯᠡᠭᠡ ᠡᠶᠢᠨ ᠬᠦ ᠳᠡᠭᠡᠭᠰᠢᠯᠡᠬᠦ ᠳᠦ ᠵᠧᠨᠳᠡᠷ ᠦᠨ ᠲᠡᠭᠰᠢ ᠪᠠᠶᠢᠳᠠᠯ᠂ ᠬᠦᠮᠦᠨ ᠦ ᠨᠥᠭᠡᠴᠡ ᠶᠢᠨ ᠴᠢᠳᠠᠪᠬᠢᠵᠢᠭᠤᠯᠤᠯᠲᠠ ᠵᠡᠷᠭᠡ ᠨᠡᠶᠢᠭᠡᠮ ᠤᠨ ᠬᠦᠷᠲᠡᠭᠡᠮᠵᠢᠲᠡᠢ ᠪᠠᠶᠢᠳᠠᠯ ᠳᠤ ᠴᠢᠭᠯᠡᠭᠰᠡᠨ ᠪᠣᠳᠣᠯᠭ᠎ᠠ ᠨᠥᠯᠦᠭᠡᠯᠡᠵᠡᠢ᠃ ᠮᠥᠨ ᠮᠥᠩᠭᠥᠨ ᠦ ᠪᠣᠯᠤᠨ ᠬᠠᠩᠰᠢ ᠶᠢᠨ ᠪᠣᠳᠣᠯᠭ᠎ᠠ ᠶᠢᠨ ᠬᠡᠷᠡᠭᠵᠢᠯᠲᠡ᠂ ᠲᠥᠰᠥᠪ ᠦᠨ ᠪᠣᠯᠤᠨ ᠰᠠᠩᠬᠦᠦ ᠶᠢᠨ ᠤᠳᠤᠷᠢᠳᠤᠯᠭ᠎ᠠ ᠶᠢᠨ ᠴᠢᠨᠠᠷ ᠰᠠᠶᠢᠵᠢᠷᠠᠭᠰᠠᠨ ᠨᠢ ᠴᠢᠬᠤᠯᠠ ᠲᠦᠯᠬᠢᠴᠡ ᠦᠵᠡᠭᠦᠯᠦᠭᠰᠡᠨ ᠢ ᠲᠠᠶᠢᠯᠤᠨ ᠳᠤ ᠣᠨᠴᠠᠯᠠᠭᠰᠠᠨ ᠲᠠᠯ᠎ᠠ ᠪᠠᠷ ᠮᠣᠩᠭᠣᠯ ᠪᠠᠩᠭᠢ ᠠᠴᠠ ᠮᠡᠳᠡᠭᠡᠯᠡᠯ᠎ᠡ᠃

ᠰᠡᠳᠬᠢᠭᠳᠡᠯ ᠦᠯᠡᠳᠡᠭᠡᠬᠦ