ᠭ∙ᠳᠡᠮᠡᠭᠦᠯ ᠤᠨ ᠡᠷᠭᠦᠭᠰᠡᠨ ᠴᠢᠯᠠᠭᠤ ᠶᠢ ᠡᠷᠭᠦᠵᠦ ᠥᠷᠢᠰᠦᠯᠳᠦᠵᠡᠢ  | News.MN

ᠭ∙ᠳᠡᠮᠡᠭᠦᠯ ᠤᠨ ᠡᠷᠭᠦᠭᠰᠡᠨ ᠴᠢᠯᠠᠭᠤ ᠶᠢ ᠡᠷᠭᠦᠵᠦ ᠥᠷᠢᠰᠦᠯᠳᠦᠵᠡᠢ 

︽ᠳᠡᠨᠵᠢ ᠨᠢ ᠪᠤᠯᠭᠢᠬᠤ ᠦᠭᠡᠢ ᠪᠣᠯ ᠳᠡᠮᠡᠭᠦᠯ ᠬᠦᠦ ᠬᠠᠵᠠᠶᠢᠬᠤ ᠦᠭᠡᠢ ᠪᠠᠷᠢᠯᠳᠤᠨ᠎ᠠ︾ ᠬᠡᠮᠡᠨ ᠠᠭᠠᠷᠬᠠᠵᠤ ᠶᠠᠪᠤᠭᠰᠠᠨ ᠤᠯᠤᠰ ᠤᠨ ᠬᠤᠷᠴᠠ ᠠᠷᠰᠯᠠᠨ ᠭ∙ᠳᠡᠮᠡᠭᠦᠯ ᠤᠨ ᠨᠡᠷᠡᠮᠵᠢᠲᠦ ᠪᠠᠷᠢᠯᠳᠤᠭᠠᠨ ᠢ ᠵᠢᠷᠭᠤᠳᠤᠭᠠᠷ ᠰᠠᠷ᠎ᠠ ᠶᠢᠨ 4 -5 ᠳᠦ ᠡᠮᠦᠨᠡᠭᠣᠪᠢ ᠠᠶᠢᠮᠠᠭ ᠤᠨ ᠮᠠᠩᠯᠠᠢ ᠰᠤᠮᠤᠨ ᠳᠤ ᠵᠣᠬᠢᠶᠠᠨ ᠪᠠᠶᠢᠭᠤᠯᠤᠭᠰᠠᠨ ᠶᠤᠮ᠃ ᠪᠠᠷᠢᠯᠳᠤᠭᠠᠨ ᠤ ᠦᠶ᠎ᠡ ᠪᠡᠷ ᠲᠡᠭᠦᠨ ᠦ ᠢᠳᠡ ᠵᠠᠯᠠᠭᠤ ᠳᠤ ᠪᠠᠨ ᠡᠷᠭᠦᠵᠦ ᠪᠠᠶᠢᠭᠰᠠᠨ 380 ᠺᠢᠯᠦᠭᠷᠡᠮ ᠵᠢᠩ ᠲᠡᠢ ᠴᠢᠯᠠᠭᠤ ᠶᠢ ᠡᠷᠭᠦᠬᠦ ᠲᠡᠮᠡᠴᠡᠭᠡᠨ ᠢ ᠵᠣᠬᠢᠶᠠᠨ ᠪᠠᠶᠢᠭᠤᠯᠵᠠᠢ᠃ ᠤᠭ ᠲᠡᠮᠡᠴᠡᠭᠡᠨ ᠳᠦ ᠨᠡᠶᠢᠲᠡ ᠳᠣᠯᠣᠭᠠᠨ ᠪᠠᠭ ᠥᠷᠢᠰᠦᠯᠳᠦᠭᠰᠡᠨ ᠡᠴᠡ ᠠᠶᠢᠮᠠᠭ ᠤᠨ ᠠᠷᠰᠯᠠᠨ ᠡ᠊∙ᠨᠢᠮ᠎ᠠ᠂ ᠠᠶᠢᠮᠠᠭ ᠤᠨ ᠠᠷᠰᠯᠠᠨ ᠨ᠂ ᠴᠡᠳᠡᠨᠰᠤᠳᠨᠠᠮ ᠨᠠᠷ 30.65 ᠰᠸᠺᠦ᠋ᠨᠳ᠋ ᠤᠨ ᠠᠮᠵᠢᠯᠲᠠ ᠪᠠᠷ ᠲᠡᠷᠢᠭᠦᠯᠡᠭᠰᠡᠨ ᠪᠣᠯ ᠤᠯᠤᠰ ᠤᠨ ᠨᠠᠴᠢᠨ ᠼ∙ᠤᠳᠤᠪᠠᠶᠠᠷ᠂ ᠤᠯᠤᠰ ᠤᠨ ᠵᠠᠭᠠᠨ ᠲ∙ᠰᠠᠨᠢᠴᠢᠷ 10.50 ᠰᠸᠺᠦ᠋ᠨᠳ᠋᠂ ᠤᠯᠤᠰ ᠤᠨ ᠠᠷᠰᠯᠠᠨ ᠳ∙ᠭᠠᠩᠬᠤᠶᠠᠭ᠂ ᠤᠯᠤᠰ ᠤᠨ ᠨᠠᠴᠢᠨ ᠱ∙ᠳᠠᠷᠬᠠᠨᠪᠠᠲᠤ ᠨᠠᠷ 8.55 ᠰᠸᠺᠦ᠋ᠨᠳ᠋ ᠡᠷᠭᠦᠵᠦ ᠤᠳᠠᠭᠠᠯᠠᠭᠰᠠᠨ ᠪᠠᠶᠢᠨ᠎ᠠ᠃

ᠰᠡᠳᠬᠢᠭᠳᠡᠯ ᠦᠯᠡᠳᠡᠭᠡᠬᠦ