ᠴ∙ᠪᠠᠳᠠᠷᠠᠯ 10 ᠮᠢᠩᠭᠠᠨ ᠳ᠋ᠣᠯᠯᠠᠷ ᠢᠶᠠᠷ ᠱᠠᠩᠨᠠᠭᠤᠯᠪᠠ  | News.MN

ᠴ∙ᠪᠠᠳᠠᠷᠠᠯ 10 ᠮᠢᠩᠭᠠᠨ ᠳ᠋ᠣᠯᠯᠠᠷ ᠢᠶᠠᠷ ᠱᠠᠩᠨᠠᠭᠤᠯᠪᠠ

ᠮᠣᠩᠭᠣᠯ ᠤᠯᠤᠰ ᠤᠨ ᠴᠡᠷᠢᠭ ᠦᠨ ᠳᠠᠭᠤᠤ ᠪᠦᠵᠢᠭ ᠦᠨ ᠴᠢᠭᠤᠯᠭ᠎ᠠ ᠶᠢᠨ ᠭᠣᠴᠣᠯᠠᠯ ᠳᠠᠭᠤᠴᠢᠨ ᠴᠢᠯᠠᠭᠤᠨᠪᠠᠭᠠᠲᠤᠷ ᠤᠨ ᠪᠠᠳᠠᠷᠠᠯ ᠭᠠᠯᠢᠨᠠ ᠸᠢᠱᠨᠧᠪᠰᠺᠠᠶᠠ ᠶᠢᠨ ᠨᠡᠷᠡᠮᠵᠢᠲᠦ ᠣᠯᠠᠨ ᠤᠯᠤᠰ ᠤᠨ ᠳᠠᠭᠤᠷᠢ ᠶᠢᠨ ᠳᠠᠭᠤᠯᠠᠭᠠᠴᠢᠳ ᠤᠨ ᠤᠷᠤᠯᠳᠤᠭᠠᠨ ᠳᠤ ᠬᠣᠶᠠᠳᠤᠭᠠᠷ ᠪᠠᠶᠢᠷᠢ ᠡᠵᠡᠯᠡᠵᠦ᠂ ᠠᠷᠪᠠᠨ ᠮᠢᠩᠭᠠᠨ ᠳ᠋ᠣᠯᠯᠠᠷ ᠢᠶᠠᠷ ᠱᠠᠩᠨᠠᠭᠤᠯᠵᠠᠢ᠃ ᠮᠣᠰᠺᠸᠠ ᠳᠤ ᠪᠣᠯᠵᠤ ᠥᠨᠳᠥᠷᠯᠡᠭᠰᠡᠨ ᠡᠨᠡ ᠤᠷᠤᠯᠳᠤᠭᠠᠨ ᠤ ᠲᠡᠷᠢᠭᠦᠨ ᠪᠠᠶᠢᠷᠢ ᠶᠢ ᠡᠮᠦᠨᠡᠲᠦ ᠰᠣᠯᠣᠩᠭᠣᠰ ᠤᠨ ᠳᠠᠭᠤᠴᠢᠨ ᠡᠵᠡᠯᠡᠵᠦ᠂ ᠠᠯᠲᠠᠨ ᠮᠧᠳᠠᠯ᠂ 15 ᠮᠢᠩᠭᠠᠨ ᠳ᠋ᠣᠯᠯᠠᠷ ᠤᠨ ᠱᠠᠩᠨᠠᠯ ᠬᠦᠷᠲᠡᠭᠰᠡᠨ᠃ ᠡᠨᠡᠬᠦ ᠤᠷᠤᠯᠳᠤᠭᠠᠨ ᠳᠤ ᠨᠡᠶᠢᠲᠡ 53 ᠳᠠᠭᠤᠴᠢᠨ ᠣᠷᠣᠯᠴᠠᠭᠰᠠᠨ ᠪᠠᠶᠢᠨ᠎ᠠ᠃
ᠳᠠᠭᠤᠴᠢᠨ ᠴ∙ᠪᠠᠳᠠᠷᠠᠯ ᠥᠩᠭᠡᠷᠡᠭᠰᠡᠨ ᠳᠥᠷᠪᠡᠳᠦᠭᠡᠷ ᠰᠠᠷ᠎ᠠ ᠳᠤ ᠣᠷᠣᠰ ᠤᠨ ᠶᠠᠺᠤᠲᠰᠺ ᠬᠤᠲᠠ ᠳᠤ ᠪᠣᠯᠤᠭᠰᠠᠨ ᠠᠶᠢᠲ᠋ᠢᠯᠢᠨᠠ ᠠᠳᠠᠮᠤᠸ᠎ᠠ ᠶᠢᠨ ᠨᠡᠷᠡᠮᠵᠢᠲᠦ ᠣᠯᠠᠨ ᠤᠯᠤᠰ ᠤᠨ ᠳᠠᠭᠤᠷᠢ ᠶᠢᠨ ᠳᠠᠭᠤᠯᠠᠭᠠᠴᠢᠳ ᠤᠨ  ᠤᠷᠤᠯᠳᠤᠭᠠᠨ ᠤ ᠲᠡᠷᠢᠭᠦᠨ ᠪᠠᠶᠢᠷᠢ ᠶᠢ ᠠᠪᠴᠤ ᠪᠠᠶᠢᠭᠰᠠᠨ ᠶᠤᠮ᠃

ᠰᠡᠳᠬᠢᠭᠳᠡᠯ ᠦᠯᠡᠳᠡᠭᠡᠬᠦ