ᠨᠢᠭᠤᠷ ᠨᠤᠮ ᠺᠤᠮᠫᠠᠨᠢ ᠬᠤᠸᠠ ᠸᠸᠢ ᠳᠦ ᠬᠣᠷᠢᠭ ᠲᠠᠯᠪᠢᠯ᠎ᠠ    | News.MN

 ᠨᠢᠭᠤᠷ ᠨᠤᠮ ᠺᠤᠮᠫᠠᠨᠢ ᠬᠤᠸᠠ ᠸᠸᠢ ᠳᠦ ᠬᠣᠷᠢᠭ ᠲᠠᠯᠪᠢᠯ᠎ᠠ   

ᠳᠡᠯᠡᠬᠡᠢ ᠶᠢᠨ ᠬᠠᠮᠤᠭ ᠤᠨ ᠲᠣᠮᠣ ᠨᠡᠶᠢᠭᠡᠮ ᠤᠨ ᠰᠦᠯᠵᠢᠶᠡᠨ ᠦ ᠦᠢᠯᠡᠴᠢᠯᠡᠭᠡ ᠦᠵᠡᠭᠦᠯᠦᠭᠴᠢ Facebook ᠺᠣᠮᠫᠠᠨᠢ ᠸᠠᠰᠢᠩᠲ᠋ᠣᠨ ᠤ ᠵᠠᠰᠠᠭ ᠵᠠᠬᠢᠷᠭᠠᠨ ᠤ ᠪᠣᠳᠣᠯᠭ᠎ᠠ ᠳᠤ ᠨᠡᠶᠢᠴᠡᠭᠦᠯᠵᠦ᠂ ᠬᠢᠲᠠᠳ ᠤᠨ ᠬᠤᠸᠠ ᠸᠸᠢ ᠺᠣᠮᠫᠠᠨᠢ ᠳᠤ ᠬᠣᠷᠢᠭ ᠲᠠᠯᠪᠢᠵᠤ ᠪᠠᠶᠢᠭ᠎ᠠ ᠪᠠᠨ ᠥᠴᠥᠭᠡᠳᠦᠷ ᠵᠠᠷᠯᠠᠵᠠᠢ᠃ ᠬᠣᠷᠢᠭ ᠤᠨ ᠳᠠᠭᠠᠤ ᠬᠤᠸᠠ ᠸᠸᠢ ᠺᠣᠮᠫᠠᠨᠢ ᠶᠢᠨ ᠰᠢᠨ᠎ᠡ ᠭᠠᠷ ᠤᠲᠠᠰᠤ ᠨᠤᠭᠤᠳ Facebook  ᠫᠷᠦᠭᠷᠡᠮ ᠦᠭᠡᠢ ᠦᠢᠯᠡᠳᠪᠦᠷᠢ ᠡᠴᠡ ᠭᠠᠷᠬᠤ ᠶᠤᠮ᠃ ᠭᠠᠷ ᠤᠲᠠᠰᠤ ᠦᠢᠯᠡᠳᠪᠦᠷᠢᠯᠡᠭᠴᠢᠳ Facebook  ᠲᠡᠢ ᠲᠤᠬᠢᠷᠠᠯᠴᠠᠭᠰᠠᠨ ᠢᠶᠠᠷ APP ᠢ ᠨᠢ ᠦᠢᠯᠡᠳᠪᠦᠷᠢ ᠡᠴᠡ ᠬᠤᠳᠠᠯᠳᠤᠭᠠᠨ ᠳᠤ ᠭᠠᠷᠬᠤ ᠳᠤ ᠤᠷᠢᠳᠴᠢᠯᠠᠨ ᠰᠠᠭᠤᠯᠭᠠᠭᠰᠠᠨ ᠪᠠᠶᠢᠳᠠᠭ᠃ ᠥᠭᠡᠷ᠎ᠡ ᠪᠡᠷ ᠬᠡᠯᠡᠪᠡᠯ ᠰᠢᠨ᠎ᠡ ᠭᠠᠷ ᠤᠲᠠᠰᠤ ᠠᠪᠤᠭᠰᠠᠨ ᠬᠦᠮᠦᠰ Facebook  ᠤᠨ APP ᠢ ᠨᠡᠮᠡᠵᠦ ᠰᠠᠭᠤᠯᠭᠠᠬᠤ ᠱᠠᠭᠠᠷᠳᠠᠯᠭ᠎ᠠ ᠦᠭᠡᠢ᠂ ᠦᠢᠯᠡᠳᠪᠦᠷᠢ ᠡᠴᠡ ᠪᠡᠨ ᠰᠠᠭᠤᠴᠢᠬᠠᠭᠰᠠᠨ ᠢᠷᠡᠳᠡᠭ᠃
ᠲᠡᠭᠡᠪᠡᠯ ᠬᠤᠸᠠ ᠸᠸᠢ ᠶᠢᠨ ᠰᠢᠨ᠎ᠡ ᠪᠡᠷ ᠭᠠᠷᠬᠤ ᠤᠲᠠᠰᠤ ᠨᠤᠭᠤᠳ Facebook APP ᠦᠭᠡᠢ ᠭᠠᠷᠬᠤ ᠪᠠᠷ ᠪᠣᠯᠵᠤ ᠪᠠᠶᠢᠨ᠎ᠠ᠃ ᠮᠥᠨ Instagram᠂ WhatsApp ᠦᠢᠯᠡᠴᠢᠯᠡᠭᠡᠨ ᠦ APP

ᠤᠳ ᠴᠤ ᠬᠣᠷᠢᠭ ᠲᠤ ᠪᠠᠭᠲᠠᠵᠠᠢ᠃ ᠰᠢᠨ᠎ᠡ ᠭᠠᠷ ᠤᠲᠠᠰᠤ ᠠᠪᠤᠭᠰᠠᠨ ᠬᠡᠷᠡᠭᠯᠡᠭᠴᠢᠳ APP ᠢ ᠥᠪᠡᠷ ᠢᠶᠡᠨ ᠨᠡᠮᠡᠵᠦ ᠰᠠᠭᠤᠯᠭᠠᠬᠤ ᠪᠣᠯᠤᠮᠵᠢ ᠲᠠᠢ᠃ ᠭᠡᠬᠦ ᠳᠦ ᠪᠡᠨ ᠤᠳᠠᠬᠤ ᠦᠭᠡᠢ ᠨᠠᠢᠮᠠᠳᠤᠭᠠᠷ ᠰᠠᠷ᠎ᠠ ᠠᠴᠠ Google ᠺᠣᠮᠫᠠᠨᠢ ᠶᠢᠨ ᠬᠣᠷᠢᠭ ᠦᠢᠯᠡᠴᠢᠯᠡᠵᠦ ᠡᠬᠢᠯᠡᠬᠦ ᠳᠦ ᠬᠤᠸᠠ ᠸᠸᠢ ᠶᠢᠨ ᠭᠠᠷ ᠤᠲᠠᠰᠤ ᠨᠤᠭᠤᠳ Play Store ᠳᠡᠯᠭᠡᠭᠦᠷ ᠡᠴᠡ ᠲᠠᠰᠤᠯᠤᠭᠳᠠᠬᠤ ᠲᠤᠯᠠ ᠨᠡᠮᠡᠵᠦ ᠰᠠᠭᠤᠯᠭᠠᠬᠤ ᠴᠤ ᠪᠣᠯᠤᠮᠵᠢ ᠦᠭᠡᠢ ᠪᠣᠯᠬᠤ ᠶᠤᠮ᠃

ᠰᠡᠳᠬᠢᠭᠳᠡᠯ ᠦᠯᠡᠳᠡᠭᠡᠬᠦ