ᠬᠦᠮᠦᠰ ᠦᠨ ᠣᠷᠣᠯᠭ᠎ᠠ ᠥᠰᠬᠦ ᠶᠢᠨ ᠬᠢᠷᠢ ᠪᠡᠷ ᠱᠣᠺᠣᠯᠠᠳ᠋ ᠰᠢᠬᠢᠷ᠂ ᠵᠢᠩᠨᠡᠮᠡᠭ᠂ ᠤᠮᠳᠠᠭᠠᠨ ᠬᠡᠷᠡᠭᠯᠡᠬᠦ ᠨᠢ ᠨᠡᠮᠡᠭᠳᠡᠳᠡᠭ ᠪᠠᠶᠢᠨ᠎ᠠ᠃ ᠠᠽᠢᠶ᠎ᠠ ᠳᠠᠶᠠᠭᠠᠷ ᠱᠣᠺᠣᠯᠠᠳ᠋ ᠤᠨ ᠡᠷᠢᠯᠲᠡ᠂ ᠬᠡᠷᠡᠭᠴᠡᠭᠡ ᠦᠰᠴᠦ ᠪᠠᠶᠢᠭ᠎ᠠ ᠶᠢᠨ ᠳᠤᠮᠳᠠ ᠮᠣᠩᠭᠣᠯ ᠤᠯᠤᠰ ᠪᠠᠭᠲᠠᠵᠤ ᠪᠤᠢ᠃ ᠭᠡᠪᠡᠴᠦ ᠣᠳᠣ ᠪᠠᠷ ᠱᠣᠺᠣᠯᠠᠳ᠋ ᠤᠨ ᠨᠡᠶᠢᠲᠡ ᠬᠡᠷᠡᠭᠴᠡᠭᠡᠨ ᠦ ᠪᠡᠨ 10 ᠬᠦᠷᠬᠦ ᠦᠭᠡᠢ ᠬᠤᠪᠢ ᠶᠢ ᠳᠣᠲᠣᠭᠠᠳᠤ ᠶᠢᠨ ᠪᠦᠲᠦᠭᠡᠭᠳᠡᠬᠦᠨ ᠢᠶᠡᠷ ᠬᠠᠩᠭᠠᠳᠠᠭ ᠭᠡᠵᠦ ᠬᠦᠨᠡᠰᠦ ᠬᠥᠳᠡᠭᠡ ᠠᠵᠤ ᠠᠬᠤᠢ ᠬᠥᠩᠭᠡᠨ ᠦᠢᠯᠡᠳᠪᠦᠷᠢ ᠶᠢᠨ ᠶᠠᠮᠤᠨ ᠠᠴᠠ ᠮᠡᠳᠡᠭᠡᠯᠡᠪᠡ᠃ ᠱᠣᠺᠣᠯᠠᠳ᠋ ᠤᠨ ᠳᠡᠶᠢᠯᠦᠩᠬᠢ ᠶᠢ ᠨᠢ ᠦᠺᠷᠡᠶᠢᠨ᠂ ᠪᠧᠯᠬᠢ᠂ ᠠᠮᠧᠷᠢᠺᠠ ᠂ ᠶᠠᠫᠣᠨ ᠵᠡᠷᠭᠡ ᠤᠯᠤᠰ ᠠᠴᠠ ᠢᠮᠫᠣᠷᠲᠯᠠᠳᠠᠭ᠃ ᠬᠡᠳᠦᠢ ᠪᠡᠷ ᠱᠣᠺᠣᠯᠠᠳ᠋ ᠤᠨ ᠨᠡᠶᠢᠲᠡ ᠬᠡᠷᠡᠭᠴᠡᠭᠡᠨ ᠦ ᠪᠡᠨ 10 ᠬᠦᠷᠬᠦ ᠦᠭᠡᠢ ᠬᠤᠪᠢ ᠶᠢ ᠳᠣᠲᠣᠭᠠᠳᠤ ᠠᠴᠠ ᠪᠠᠨ ᠬᠠᠩᠭᠠᠳᠠᠭ ᠴᠤ ᠰᠡᠭᠦᠯ ᠦᠨ ᠵᠢᠯ ᠦᠳ ᠲᠦ ᠭᠠᠳᠠᠭᠠᠳᠤ ᠵᠠᠬ᠎ᠠ ᠵᠡᠭᠡᠯᠢ ᠳᠦ ᠪᠠᠭ᠎ᠠ ᠦᠭᠡᠢ ᠭᠠᠷᠭᠠᠬᠤ ᠪᠣᠯᠵᠠᠢ᠃ ᠥᠩᠭᠡᠷᠡᠭᠰᠡᠨ ᠵᠢᠯ ᠭᠡᠬᠦ ᠳᠦ 322 ᠮᠢᠩᠭᠠᠨ ᠳ᠋ᠣᠯᠯᠠᠷ ᠤᠨ ᠱᠣᠺᠣᠯᠠᠳ᠋ ᠪᠦᠲᠦᠭᠡᠭᠳᠡᠬᠦᠨ ᠭᠠᠳᠠᠭᠠᠳᠤ ᠳᠤ ᠭᠠᠷᠭᠠᠭᠰᠠᠨ ᠪᠠᠶᠢᠨ᠎ᠠ᠃