ᠮᠦᠽᠧᠢ ᠶᠢᠨ ᠰᠠᠩ ᠬᠥᠮᠥᠷᠭᠡ ᠶᠢ ᠪᠠᠶᠠᠵᠢᠭᠤᠯᠤᠯ᠎ᠠ  | News.MN

ᠮᠦᠽᠧᠢ ᠶᠢᠨ ᠰᠠᠩ ᠬᠥᠮᠥᠷᠭᠡ ᠶᠢ ᠪᠠᠶᠠᠵᠢᠭᠤᠯᠤᠯ᠎ᠠ 

ᠤᠪᠰᠤ ᠠᠶᠢᠮᠠᠭ ᠤᠨ ᠮᠦᠽᠧᠢ ᠶᠢᠨ ᠬᠠᠮᠲᠤ ᠣᠯᠠᠨ ᠬᠣᠪᠳᠣ ᠰᠤᠮᠤ ᠶᠢᠨ ᠬᠠᠷᠢᠶᠠᠲᠤ ᠣ᠊∙ᠠᠷᠢᠶ᠎ᠠ ᠶᠢᠨ ᠬᠡᠷᠡᠭᠯᠡᠵᠦ ᠪᠠᠶᠢᠭᠰᠠᠨ ᠢᠵᠢ ᠪᠦᠷᠢᠨ ᠭᠡᠷ ᠦᠨ ᠮᠣᠳᠣ᠂ ᠳᠣᠲᠣᠷ᠎ᠠ ᠲᠠᠪᠢᠯᠭ᠎ᠠ᠂ ᠲᠡᠦᠬᠡᠨ ᠦᠨᠡᠲᠦ ᠡᠳ᠋ ᠥᠯᠥᠭ ᠦᠨ ᠵᠦᠢᠯᠡᠰ ᠢᠶᠡᠷ ᠰᠠᠩ ᠬᠥᠮᠥᠷᠭᠡ ᠪᠡᠨ ᠪᠠᠶᠠᠵᠢᠭᠤᠯᠵᠠᠢ᠃
ᠣ᠊∙ᠠᠷᠢᠶ᠎ᠠ ᠨᠢ 1906 ᠣᠨ ᠳᠤ ᠲᠦᠷᠦᠭᠰᠡᠨ ᠪᠥᠭᠡᠳ ᠭᠣᠪᠢ-ᠠᠯᠲᠠᠢ ᠠᠶᠢᠮᠠᠭ ᠤᠨ ᠳᠡᠯᠭᠡᠷ ᠦᠨ ᠬᠡᠶᠢᠳ ᠲᠦ ᠮᠠᠮᠪᠠ ᠳ᠋ᠠᠴᠠᠩ ᠤᠨ ᠳᠠᠮᠵᠢᠶ᠎ᠠ ᠶᠢ 1921 ᠣᠨ ᠳᠤ ᠳᠦᠭᠦᠷᠭᠡᠭᠰᠡᠨ᠂ᠨᠤᠲᠤᠭ ᠣᠷᠣᠨ ᠳᠤ ᠪᠠᠨ ᠨᠡᠷᠡᠲᠡᠢ ᠪᠠᠷᠢᠶ᠎ᠠ ᠵᠠᠰᠠᠯᠴᠢ᠂ ᠣᠲᠠᠴᠢ ᠬᠦᠮᠦᠨ ᠪᠠᠶᠢᠵᠠᠢ᠃ ᠲᠡᠷᠡᠪᠡᠷ 1939 ᠣᠨ ᠳᠤ ᠼ∙ᠬᠤᠯᠳᠠᠭᠠᠢ ᠲᠠᠢ ᠭᠡᠷ ᠪᠦᠯᠢ ᠪᠣᠯᠵᠤ᠂ 9 ᠬᠡᠦᠬᠡᠳ ᠲᠥᠷᠦᠭᠦᠯᠵᠦ ᠥᠰᠬᠡᠭᠰᠡᠨ ᠪᠠᠶᠢᠨ᠎ᠠ᠃ ᠦᠷ᠎ᠡ ᠬᠡᠦᠬᠡᠳ᠂ ᠠᠴᠢ ᠵᠢᠭᠡ ᠨᠠᠷ ᠨᠢ ᠤᠯᠤᠰ ᠡᠬᠡ ᠣᠷᠣᠨ ᠳᠤ ᠪᠠᠨ ᠶᠡᠬᠡ ᠶᠢ ᠬᠢᠵᠦ ᠪᠦᠲᠦᠭᠡᠭᠰᠡᠨ᠂ ᠡᠷᠳᠡᠮ ᠪᠣᠯᠪᠠᠰᠤᠷᠠᠯ ᠲᠠᠢ᠂ ᠰᠠᠯᠪᠤᠷᠢ ᠪᠦᠷᠢ ᠳᠦ ᠠᠵᠢᠯᠯᠠᠵᠤ ᠠᠮᠢᠳᠤᠷᠠᠵᠤ ᠪᠠᠶᠢᠨ᠎ᠠ᠃ ᠲᠡᠦᠬᠡᠨ ᠦᠨᠡᠲᠦ ᠦᠵᠡᠮᠦᠷᠢ ᠡᠳ᠋ ᠵᠦᠢᠯ ᠢᠶᠡᠨ ᠪᠡᠯᠡᠭᠯᠡᠭᠰᠡᠨ ᠠ᠊∙ᠮᠢᠭᠮᠠᠷ᠂ ᠠ᠊∙ᠮᠠᠮᠤᠤ ᠨᠠᠷ ᠤᠨ ᠭᠡᠷ ᠪᠦᠯᠢ ᠶᠢᠨ ᠬᠢᠨ ᠳᠦ ᠠᠶᠢᠮᠠᠭ ᠤᠨ ᠮᠦᠽᠧᠢ ᠶᠢᠨ ᠬᠠᠮᠲᠤ ᠣᠯᠠᠨ ᠥᠨᠥᠳᠥᠷ ᠬᠦᠨᠳᠦᠳᠬᠡᠯ ᠦᠵᠡᠭᠦᠯᠵᠦ᠂ ᠲᠠᠯᠠᠷᠬᠠᠯ ᠬᠠᠳᠠᠭᠠᠯᠠᠭᠤᠯᠤᠯ᠎ᠠ᠃

 

ᠰᠡᠳᠬᠢᠭᠳᠡᠯ ᠦᠯᠡᠳᠡᠭᠡᠬᠦ