ᠺᠠᠫᠢᠲᠷᠤᠨ ᠪᠠᠩᠬᠢ᠂ GMOBILE ᠺᠤᠮᠫᠠᠨᠢ ᠍ᠲᠠᠢ ᠬᠥᠷᠥᠩᠭᠡ ᠪᠡᠷ ᠪᠠᠲᠤᠯᠠᠭᠠᠵᠢᠭᠰᠠᠨ ᠦᠨᠡᠲᠦ ᠴᠠᠭᠠᠰᠤᠨ ᠤ ᠬᠠᠮᠲᠤ ᠶᠢᠨ ᠠᠵᠢᠯᠯᠠᠭ᠎ᠠ ᠶᠢ ᠡᠬᠢᠯᠡᠭᠦᠯᠬᠦ ᠭᠡᠷ᠎ᠡ ᠪᠠᠶᠢᠭᠤᠯᠵᠤ ᠂ ᠠᠷᠠᠯᠵᠢᠶᠠᠨ ᠤ ᠪᠠᠩᠬᠢ ᠨᠤᠭᠤᠳ ᠠᠴᠠ ᠬᠥᠷᠥᠩᠭᠡ ᠶᠢᠨ ᠵᠠᠬ᠎ᠠ ᠵᠡᠭᠡᠯᠢ ᠳᠦ ᠣᠷᠣᠯᠴᠠᠵᠤ᠂ ᠬᠥᠷᠥᠩᠭᠡ ᠪᠡᠷ ᠪᠠᠲᠤᠯᠠᠭᠠᠵᠢᠭᠰᠠᠨ ᠦᠨᠡᠲᠦ ᠴᠠᠭᠠᠰᠤ ᠭᠠᠷᠭᠠᠵᠤ ᠪᠤᠢ ᠠᠩᠬᠠᠨ ᠤ ᠪᠠᠩᠬᠢ ᠨᠢ ᠺᠠᠫᠢᠲᠷᠤᠨ ᠪᠣᠯᠤᠯ᠎ᠠ᠃
ᠬᠥᠭᠵᠢᠵᠦ ᠪᠤᠢ ᠪᠣᠯᠤᠨ ᠬᠥᠭᠵᠢᠩᠭᠦᠢ ᠣᠷᠣᠨ ᠨᠤᠭᠤᠳ ᠤᠨ ᠲᠤᠷᠰᠢᠯᠭ᠎ᠠ ᠠᠴᠠ ᠦᠵᠡᠬᠦ ᠳᠦ ᠬᠥᠷᠥᠩᠭᠡ ᠪᠡᠷ ᠪᠠᠲᠤᠯᠠᠭᠠᠵᠢᠭᠰᠠᠨ ᠦᠨᠡᠲᠦ ᠴᠠᠭᠠᠰᠤ ᠪᠠᠷ ᠳᠠᠮᠵᠢᠭᠤᠯᠤᠨ ᠣᠷᠣᠯᠭ᠎ᠠ ᠶᠢᠨ ᠳᠠᠬᠢᠨ ᠬᠤᠪᠢᠶᠠᠷᠢᠯᠠᠯᠲᠠ ᠬᠢᠵᠦ᠂ ᠢᠷᠭᠡᠳ ᠢ ᠣᠷᠣᠨ ᠰᠠᠭᠤᠴᠠᠵᠢᠭᠤᠯᠬᠤ᠂ ᠬᠥᠷᠥᠩᠭᠡ ᠶᠢᠨ ᠵᠠᠬ᠎ᠠ ᠵᠡᠭᠡᠯᠢ ᠳᠦ ᠬᠦᠷᠪᠡᠬᠦ ᠴᠢᠳᠠᠪᠤᠷᠢ ᠰᠠᠶᠢᠲᠠᠢ᠂ ᠡᠷᠡᠰᠳᠡᠯ ᠦᠭᠡᠢ ᠪᠦᠲᠦᠭᠡᠭᠳᠡᠬᠦᠨ ᠢ ᠠᠷᠠᠯᠵᠢᠶᠠᠯᠠᠳᠠᠭ᠃