ᠮᠣᠩᠭᠣᠯ ᠬᠦᠦ ᠪᠠᠯᠧᠲ ᠤᠨ ᠲᠡᠦᠬᠡᠨ ᠳᠦ ᠨᠡᠷ᠎ᠡ ᠪᠡᠨ ᠮᠥᠩᠬᠡᠯᠡᠯ᠎ᠡ  | News.MN

ᠮᠣᠩᠭᠣᠯ ᠬᠦᠦ ᠪᠠᠯᠧᠲ ᠤᠨ ᠲᠡᠦᠬᠡᠨ ᠳᠦ ᠨᠡᠷ᠎ᠡ ᠪᠡᠨ ᠮᠥᠩᠬᠡᠯᠡᠯ᠎ᠡ 

ᠳᠡᠯᠡᠬᠡᠢ ᠶᠢᠨ 10 ᠤᠯᠤᠰ ᠤᠨ 18  ᠬᠤᠲᠠ ᠳᠤ ᠵᠣᠬᠢᠶᠠᠨ ᠪᠠᠶᠢᠭᠤᠯᠤᠭᠳᠠᠳᠠᠭ᠂  ᠶᠤᠨᠧᠰᠺᠤ ᠳᠦ ᠪᠦᠷᠢᠳᠬᠡᠯ ᠲᠡᠢ᠂ ᠴᠢᠨᠰᠠᠭ᠎ᠠ ᠥᠨᠳᠥᠷ World Ballet Grand Prix ᠲᠡᠮᠡᠴᠡᠭᠡᠨ ᠳᠦ ᠮᠣᠩᠭᠣᠯ  ᠬᠦᠦ ᠲᠦᠷᠦᠭᠦᠯᠡᠵᠦ᠂ ᠠᠯᠲᠠᠨ ᠮᠧᠳᠠᠯ ᠬᠦᠷᠲᠡᠵᠡᠢ᠃ ᠠᠪᠢᠶᠠᠰᠯᠢᠭ ᠬᠦᠦ ᠶᠢ ᠮᠥᠩᠬᠡ-ᠡᠷᠳᠡᠨᠢ ᠶᠢᠨ ᠲᠡᠯᠮᠡᠨ ᠭᠡᠳᠡᠭ᠃ ᠲᠡᠷᠡᠪᠡᠷ ᠨᠡᠷ᠎ᠡ ᠬᠦᠨᠳᠦᠲᠡᠢ ᠲᠡᠮᠡᠴᠡᠭᠡᠨ ᠡᠴᠡ ᠠᠯᠲᠠᠨ ᠮᠧᠳᠠᠯ  ᠬᠦᠷᠲᠡᠬᠦ ᠡᠴᠡ ᠭᠠᠳᠠᠨ᠎ᠠ 60 ᠮᠢᠩᠭᠠᠨ ᠳ᠋ᠣᠯᠯᠠᠷ ᠤᠨ ᠲᠡᠳᠬᠦᠯᠭᠡ ᠶᠢᠨ ᠡᠵᠡᠨ ᠪᠣᠯᠤᠭᠰᠠᠨ ᠪᠠᠶᠢᠨ᠎ᠠ᠃ ᠡᠨᠡ ᠣᠯᠠᠨ ᠤᠯᠤᠰ ᠤᠨ ᠲᠡᠮᠡᠴᠡᠭᠡᠨ ᠦ ᠲᠡᠦᠬᠡᠨ ᠳᠦ ᠮᠣᠩᠭᠣᠯ ᠬᠦᠮᠦᠨ ᠠᠩᠬ᠎ᠠ ᠤᠳᠠᠭ᠎ᠠ ᠠᠯᠲᠠᠨ ᠮᠧᠳᠠᠯ ᠠᠪᠴᠤ ᠪᠠᠶᠢᠭ᠎ᠠ ᠪᠠᠷ ᠢᠶᠠᠨ ᠣᠨᠴᠠᠯᠢᠭ  ᠠᠵᠠᠢ᠃
ᠮ∙ᠲᠡᠯᠮᠡᠨ ᠬᠦᠦ ᠨ᠂ ᠮᠥᠩᠬᠡᠳᠡᠯᠭᠡᠷ᠂ ᠤ᠊∙ᠪᠠᠲᠤ-ᠡᠷᠳᠡᠨᠢ ᠶᠢᠨ ᠱᠠᠪᠢ ᠪᠦᠭᠡᠳ ᠠᠮᠧᠷᠢᠺᠠ ᠶᠢᠨ Kirov Academy of Ballet ᠶᠡᠬᠡ ᠰᠤᠷᠭᠠᠭᠤᠯᠢ ᠳᠤ 100 ᠬᠤᠪᠢ ᠲᠡᠳᠬᠦᠯᠭᠡ ᠲᠡᠢ ᠪᠡᠷ ᠰᠤᠷᠤᠯᠴᠠᠭᠰᠠᠨ ᠪᠠᠶᠢᠳᠠᠭ᠃ ᠪᠠᠯᠧᠲᠴᠢᠨ ᠬᠦᠦ ᠡᠨᠡ ᠰᠠᠷ᠎ᠠ ᠶᠢᠨ 12  ᠳᠦ ᠡᠬᠡ ᠣᠷᠣᠨ ᠳᠤ ᠪᠠᠨ ᠢᠷᠡᠬᠦ  ᠠᠵᠠᠢ ᠃

ᠰᠡᠳᠬᠢᠭᠳᠡᠯ ᠦᠯᠡᠳᠡᠭᠡᠬᠦ