︽ᠵᠠᠬᠠᠴᠢᠨ ᠲᠦᠮᠡᠨ ᠦ ᠨᠠᠭᠠᠳᠤᠮ︾ ᠠᠮᠵᠢᠯᠲᠠ ᠲᠠᠢ ᠪᠣᠯᠵᠤ ᠥᠨᠳᠥᠷᠯᠡᠯ᠎ᠡ  | News.MN

︽ᠵᠠᠬᠠᠴᠢᠨ ᠲᠦᠮᠡᠨ ᠦ ᠨᠠᠭᠠᠳᠤᠮ︾ ᠠᠮᠵᠢᠯᠲᠠ ᠲᠠᠢ ᠪᠣᠯᠵᠤ ᠥᠨᠳᠥᠷᠯᠡᠯ᠎ᠡ 

ᠵᠠᠬᠠᠴᠢᠨ ᠶᠠᠰᠤᠲᠠᠨ ᠤ ᠵᠠᠩ ᠵᠠᠩᠰᠢᠯ᠂ ᠥᠪ ᠤᠯᠠᠮᠵᠢᠯᠠᠯ᠂ ᠤᠷᠠᠯᠢᠭ ᠰᠤᠶᠤᠯ ᠢ ᠲᠦᠭᠡᠭᠡᠨ ᠳᠡᠯᠭᠡᠷᠡᠭᠦᠯᠵᠦ᠂ ᠥᠪᠯᠡᠭᠦᠯᠬᠦ᠂ ᠣᠨᠴᠠᠯᠢᠭ ᠢ ᠨᠢ ᠬᠠᠳᠠᠭᠠᠯᠠᠨ ᠦᠯᠡᠳᠡᠭᠡᠬᠦ ᠡᠭᠦᠳᠡᠨ ᠡᠴᠡ ᠤᠯᠤᠰ ᠤᠨ ᠶᠡᠬᠡ ᠬᠤᠷᠠᠯ  ᠤᠨ ᠭᠡᠰᠢᠭᠦᠨ᠂ ᠬᠣᠪᠳᠣ ᠠᠶᠢᠮᠠᠭ ᠤᠨ ᠨᠤᠲᠤᠭ ᠤᠨ ᠵᠥᠪᠯᠡᠯ ᠦᠨ ᠳᠠᠷᠤᠭ᠎ᠠ ᠰ∙ᠪᠢᠮᠪᠠᠴᠣᠭᠲᠤ ᠶᠢᠨ ᠰᠠᠨᠠᠭᠠᠴᠢᠯᠠᠭᠰᠠᠨ  ︽ᠵᠠᠬᠠᠴᠢᠨ ᠲᠦᠮᠡᠨ ᠦ ᠨᠠᠭᠠᠳᠤᠮ︾ ᠡᠨᠡ ᠰᠠᠷ᠎ᠠ ᠶᠢᠨ 02-03 ᠳᠤ ᠬᠣᠪᠳᠣ ᠠᠶᠢᠮᠠᠭ ᠤᠨ ᠮᠥᠰᠦᠲᠦ ᠰᠤᠮᠤᠨ ᠳᠤ ᠵᠣᠬᠢᠶᠠᠨ ᠪᠠᠶᠢᠭᠤᠯᠤᠭᠳᠠᠵᠠᠢ᠃
ᠰ∙ᠪᠢᠮᠪᠠᠴᠣᠭᠲᠤ᠄ ᠶᠡᠷᠦᠩᠬᠡᠶᠢᠯᠡᠭᠴᠢ ᠠᠰᠠᠨ ᠼ∙ᠡᠯᠪᠡᠭᠳᠣᠷᠵᠢ ᠠᠩᠬ᠎ᠠ ᠰᠠᠨᠠᠭᠠᠴᠢᠯᠠᠨ ᠡᠨᠡᠬᠦ ᠨᠠᠭᠠᠳᠤᠮ ᠢ ᠭᠤᠷᠪᠠᠨᠲᠠ᠂ ᠤᠯᠤᠰ ᠤᠨ ᠶᠡᠬᠡ ᠬᠤᠷᠠᠯ ᠤᠨ ᠳᠠᠷᠤᠭ᠎ᠠ ᠠᠰᠠᠨ ᠳ∙ᠳᠡᠮᠪᠡᠷᠢᠯ ︽ᠶᠡᠬᠡᠯ ᠦᠨ ᠡᠭᠡᠰᠢᠭ︾ ᠮᠣᠷᠢᠨ ᠬᠤᠭᠤᠷ ᠤᠨ ᠨᠠᠭᠠᠳᠤᠮ ᠢ ᠠᠷᠪᠠᠨ ᠤᠳᠠᠭ᠎ᠠ ᠵᠣᠬᠢᠶᠠᠨ ᠪᠠᠶᠢᠭᠤᠯᠵᠤ ᠪᠠᠶᠢᠭᠰᠠᠨ ᠲᠡᠦᠬᠡ ᠲᠡᠢ᠃ ᠡᠨᠡᠬᠦ ᠤᠯᠠᠮᠵᠢᠯᠠᠯ ᠢ ᠲᠠᠰᠤᠯᠬᠤ ᠦᠭᠡᠢ ᠦᠷᠭᠦᠯᠵᠢᠯᠡᠭᠦᠯᠬᠦ ᠡᠭᠦᠳᠡᠨ ᠡᠴᠡ ᠵᠠᠬᠠᠴᠢᠨ ᠲᠦᠮᠡᠨ ᠦ ᠤᠷᠠᠯᠢᠭ ᠰᠤᠶᠤᠯ ᠤᠨ ᠨᠠᠭᠠᠳᠤᠮ ᠢ ᠵᠣᠬᠢᠶᠠᠨ ᠪᠠᠶᠢᠭᠤᠯᠵᠤ᠂ ᠪᠠᠷᠠᠭᠤᠨ ᠮᠣᠩᠭᠣᠯᠴᠤᠳ ᠤᠨ ᠪᠡᠶ᠎ᠡ ᠪᠡᠶᠡᠯᠡᠭᠡ᠂ ᠤᠷᠲᠤ ᠪᠣᠭᠣᠨᠢ ᠳᠠᠭᠤᠤ᠂ ᠢᠷᠦᠭᠡᠯ ᠮᠠᠭᠲᠠᠭᠠᠯ ᠵᠡᠷᠭᠡ ᠰᠠᠶᠢᠬᠠᠨ ᠤᠯᠠᠮᠵᠢᠯᠠᠯ ᠢ ᠬᠠᠳᠠᠭᠠᠯᠠᠵᠤ᠂ ᠥᠪ ᠰᠤᠶᠤᠯ ᠢ ᠦᠷ᠎ᠡ ᠬᠣᠶᠢᠴᠢ ᠳᠤ ᠪᠠᠨ ᠦᠯᠡᠳᠡᠭᠡᠬᠦ ᠳᠦ ᠬᠤᠪᠢ ᠨᠡᠮᠡᠷᠢ ᠪᠡᠨ ᠤᠷᠤᠭᠤᠯᠬᠤ ᠡᠭᠦᠳᠡᠨ ᠡᠴᠡ ᠰᠠᠨᠳᠠᠭ ᠰᠠᠩ᠂ ᠬᠣᠪᠳᠣ ᠠᠶᠢᠮᠠᠭ ᠤᠨ ᠮᠥᠰᠦᠲᠦ ᠰᠤᠮᠤ  ᠲᠠᠢ ᠬᠠᠮᠲᠤᠷᠠᠨ ᠡᠨᠡᠬᠦ ᠠᠷᠭ᠎ᠠ ᠬᠡᠮᠵᠢᠶ᠎ᠡ ᠶᠢ ᠵᠣᠬᠢᠶᠠᠨ ᠪᠠᠶᠢᠭᠤᠯᠵᠤ ᠪᠠᠶᠢᠨ᠎ᠠ ᠭᠡᠵᠦ ᠣᠨᠴᠠᠯᠠᠭᠰᠠᠨ ᠶᠤᠮ᠃
ᠨᠠᠭᠠᠳᠤᠮ ᠳᠤ ᠬᠣᠪᠳᠣ ᠠᠶᠢᠮᠠᠭ ᠤᠨ ᠮᠠᠩᠬᠠᠨ᠂ ᠵᠡᠷᠭᠡ᠂ ᠮᠥᠰᠦᠲᠦ᠂ ᠠᠯᠲᠠᠢ᠂ ᠦᠶᠡᠩᠴᠢ ᠭᠡᠰᠡᠨ ᠵᠠᠬᠠᠴᠢᠨ ᠶᠠᠰᠤᠲᠠᠨ ᠤ 5 ᠰᠤᠮᠤ ᠶᠢᠨ 19-80 ᠨᠠᠰᠤᠨ ᠤ 70 ᠣᠷᠴᠢᠮ ᠠᠪᠢᠶᠠᠰᠲᠠᠨ ᠣᠷᠣᠯᠴᠠᠵᠠᠢ᠃ ᠮᠥᠨ ᠵᠠᠬᠠᠴᠢᠨ ᠠᠷᠠᠳ ᠤᠨ ᠵᠠᠩ ᠵᠠᠩᠰᠢᠯ᠂ ᠥᠪ ᠤᠯᠠᠮᠵᠢᠯᠠᠯ᠂ ᠦᠦᠬᠡ ᠲᠡᠦᠬᠡ ᠶᠢᠨ ᠲᠠᠯ᠎ᠠ ᠪᠠᠷ ᠡᠷᠳᠡᠮᠲᠡᠨ ᠰᠤᠳᠤᠯᠤᠭᠠᠴᠢᠳ ᠣᠯᠠᠨ ᠰᠣᠨᠢᠷᠬᠠᠯᠲᠠᠢ ᠢᠯᠡᠳᠬᠡᠯ ᠲᠠᠯᠪᠢᠵᠤ᠂ ᠵᠠᠬᠠᠴᠢᠨ ᠶᠠᠰᠤᠲᠠᠨ ᠤ ᠥᠪ ᠰᠤᠶᠤᠯ᠂ ᠡᠳ᠋ᠯᠡᠯ ᠬᠡᠷᠡᠭᠯᠡᠯ᠂ ᠭᠣᠶᠣᠯ ᠴᠢᠮᠡᠭᠯᠡᠯ᠂ ᠠᠬᠤᠢ ᠪᠠᠶᠢᠳᠠᠯ ᠢ ᠬᠠᠷᠠᠭᠤᠯᠤᠭᠰᠠᠨ ᠰᠣᠨᠢᠷᠬᠠᠯᠲᠠᠢ ᠦᠵᠡᠰᠬᠦᠯᠡᠩ ᠳᠡᠯᠭᠡᠭᠳᠡᠵᠡᠢ᠃ ᠡᠨᠡ ᠨᠠᠭᠠᠳᠤᠮ ᠳᠤ ᠵᠣᠷᠢᠭᠤᠯᠵᠤ ᠲᠤᠤᠯᠢ᠂ ᠳᠣᠮᠣᠭ ᠦᠯᠢᠭᠡᠷ᠂ ᠢᠷᠦᠭᠡᠯ ᠮᠠᠭᠲᠠᠭᠠᠯ᠂ ᠵᠠᠬᠠᠴᠢᠨ ᠠᠷᠠᠳ ᠤᠨ 200 ᠭᠠᠷᠤᠢ ᠳᠠᠭᠤᠤ᠂ ᠬᠠᠭᠤᠴᠢ ᠶᠠᠷᠢᠶ᠎ᠠ᠂ ᠵᠠᠬᠠᠴᠢᠨ ᠠᠮᠠᠨ ᠠᠶᠠᠯᠭᠤᠨ ᠤ ᠦᠭᠡᠰ᠂ ᠵᠠᠩ ᠵᠠᠩᠰᠢᠯ᠂ ᠦᠦᠬᠡ ᠲᠡᠦᠬᠡ ᠶᠢ ᠪᠠᠭᠲᠠᠭᠠᠭᠰᠠᠨ ︽ᠵᠠᠬᠠᠴᠢᠨ ᠤ ᠠᠮᠠᠨ ᠪᠢᠯᠢᠭ ᠦᠨ ᠵᠢᠱᠢᠶ᠎ᠡ︾ ᠬᠡᠮᠡᠬᠦ ᠨᠣᠮ ᠢ ᠡᠮᠬᠢᠳᠬᠡᠨ ᠬᠡᠪᠯᠡᠭᠦᠯᠦᠭᠰᠡᠨ ᠢᠶᠡᠨ ᠲᠦᠭᠡᠭᠡᠭᠰᠡᠨ ᠪᠠᠶᠢᠨ᠎ᠠ᠃

ᠰᠡᠳᠬᠢᠭᠳᠡᠯ ᠦᠯᠡᠳᠡᠭᠡᠬᠦ