ᠰ∙ᠡᠷᠳᠡᠨᠢ᠄ ᠪᠢᠳᠡ ᠵᠠᠰᠠᠭ ᠤᠨ ᠭᠠᠵᠠᠷ ᠢ ᠤᠭᠴᠠᠷᠠᠭᠤᠯᠤᠨ᠎ᠠ  | News.MN

ᠰ∙ᠡᠷᠳᠡᠨᠢ᠄ ᠪᠢᠳᠡ ᠵᠠᠰᠠᠭ ᠤᠨ ᠭᠠᠵᠠᠷ ᠢ ᠤᠭᠴᠠᠷᠠᠭᠤᠯᠤᠨ᠎ᠠ 

ᠠᠷᠠᠳᠴᠢᠯᠠᠭᠰᠠᠨ ᠨᠠᠮ ᠤᠨ ᠳᠠᠷᠤᠭ᠎ᠠ᠂ ᠤᠯᠤᠰ ᠤᠨ ᠶᠡᠬᠡ ᠬᠤᠷᠠᠯ ᠤᠨ ᠭᠡᠰᠢᠭᠦᠨ ᠰ∙ᠡᠷᠳᠡᠨᠢ ᠥᠨᠥᠳᠥᠷ  ︵2019.05.31︶ ᠲᠥᠷᠥ ᠶᠢᠨ ᠣᠷᠳᠣᠨ ᠳᠤ ᠮᠡᠳᠡᠭᠡᠯᠡᠯ ᠬᠢᠯ᠎ᠡ᠃ ᠥᠴᠥᠭᠡᠳᠦᠷ ᠠᠷᠠᠳᠴᠢᠯᠠᠭᠰᠠᠨ ᠨᠠᠮ

ᠤᠨ ᠬᠢᠨ ᠰᠦᠬᠡᠪᠠᠭᠠᠲᠤᠷ ᠤᠨ ᠲᠠᠯᠠᠪᠠᠢ ᠳᠤ ᠵᠢᠭᠰᠠᠭᠠᠯ ᠵᠣᠬᠢᠶᠠᠨ ᠪᠠᠶᠢᠭᠤᠯᠵᠤ᠂ ᠤᠯᠤᠰ ᠤᠨ ᠶᠡᠬᠡ ᠬᠤᠷᠠᠯ᠂ ᠵᠠᠰᠠᠭ ᠤᠨ ᠭᠠᠵᠠᠷ ᠲᠤ ᠬᠠᠷᠢᠭᠤᠴᠠᠯᠭ᠎ᠠ ᠲᠣᠭᠠᠴᠠᠬᠤ ᠠᠰᠠᠭᠤᠳᠠᠯ ᠢ ᠱᠠᠭᠠᠷᠳᠠᠭᠰᠠᠨ᠃ ᠠᠷᠠᠳᠴᠢᠯᠠᠭᠰᠠᠨ ᠨᠠᠮ ᠍ ᠤᠨ ᠵᠢᠭᠰᠠᠭᠠᠯ ᠤᠯᠠᠭᠠᠨᠪᠠᠭᠠᠲᠤᠷ ᠬᠤᠲᠠ ᠲᠡᠳᠦᠢ ᠦᠭᠡᠢ ᠠᠶᠢᠮᠠᠭ ᠣᠷᠣᠨ ᠨᠤᠲᠤᠭ ᠲᠤ ᠵᠣᠬᠢᠶᠠᠨ ᠪᠠᠶᠢᠭᠤᠯᠤᠭᠳᠠᠭᠰᠠᠨ ᠪᠠᠶᠢᠨ᠎ᠠ᠃ ᠰ∙ᠡᠷᠳᠡᠨᠢ᠄ ᠥᠴᠥᠭᠡᠳᠦᠷ ᠤᠯᠤᠰ ᠤᠨ ᠬᠡᠮᠵᠢᠶᠡᠨ ᠳᠦ ᠨᠢᠭᠡᠳᠦᠭᠰᠡᠨ ᠵᠢᠭᠰᠠᠭᠠᠯ ᠢ ᠵᠣᠬᠢᠶᠠᠨ ᠪᠠᠶᠢᠭᠤᠯᠤᠯ᠎ᠠ᠃ ᠰᠦᠬᠡᠪᠠᠭᠠᠲᠤᠷ ᠤᠨ ᠲᠠᠯᠠᠪᠠᠢ ᠳᠤ 30 ᠮᠢᠩᠭᠠᠨ ᠢᠷᠭᠡᠨ ᠵᠢᠭᠰᠠᠯ᠎ᠠ᠃ 19 ᠠᠶᠢᠮᠠᠭ ᠤᠨ ᠲᠥᠪ ᠲᠦ 12 ᠮᠢᠩᠭ᠎ᠠ ᠣᠷᠴᠢᠮ ᠢᠷᠭᠡᠳ ᠡᠰᠡᠷᠭᠦᠴᠡᠯ ᠢᠶᠡᠨ ᠢᠯᠡᠷᠬᠡᠶᠢᠯᠡᠭᠰᠡᠨ᠃ ᠬᠠᠤᠯᠢ ᠪᠤᠰᠤ ᠦᠢᠯᠡᠳᠦᠯ ᠲᠥᠷᠥ ᠶᠢᠨ ᠪᠦᠬᠦ ᠱᠠᠲᠤᠨ ᠳᠤ ᠭᠠᠷᠴᠤ ᠪᠠᠶᠢᠨ᠎ᠠ᠃ ᠵᠢᠯ ᠳᠦ 3000 ᠭᠠᠷᠤᠢ ᠢᠷᠭᠡᠨ ᠠᠸᠠᠷ ᠣᠰᠣᠯ ᠢᠶᠠᠷ ᠨᠠᠰᠤ ᠪᠠᠷᠠᠵᠤ ᠪᠠᠶᠢᠭ᠎ᠠ ᠬᠠᠷᠠᠮᠰᠠᠯᠲᠠᠢ ᠲᠣᠭ᠎ᠠ ᠪᠤᠢ᠃ ᠡᠷᠳᠡᠨᠢᠲᠦ ᠬᠦᠮᠦᠨ ᠦ ᠠᠮᠢ ᠨᠠᠰᠤ ᠬᠣᠬᠢᠷᠠᠭᠰᠠᠨ ᠠᠰᠠᠭᠤᠳᠠᠯ ᠳᠤ ᠬᠠᠷᠢᠭᠤᠴᠠᠯᠭ᠎ᠠ ᠬᠦᠯᠢᠶᠡᠳᠡᠭ ᠬᠦᠮᠦᠨ ᠠᠯᠢ ᠴᠤ ᠰᠠᠯᠪᠤᠷᠢ ᠳᠤ ᠠᠯᠠᠭ᠎ᠠ᠃

ᠮᠤᠩᠭᠤᠯ ᠠᠷᠠᠳ ᠤᠨ ᠨᠠᠮ ᠤᠨ 60 ᠲᠡᠷᠪᠤᠮ᠂ 800 ᠲᠡᠷᠪᠤᠮ ᠤᠨ ᠺᠤᠨᠴᠸᠰᠰ ᠲᠤ ᠬᠣᠯᠪᠣᠭᠳᠠᠭᠰᠠᠨ ᠤᠯᠤᠰ ᠲᠥᠷᠦᠴᠢᠳ ᠪᠠᠶᠢᠨ᠎ᠠ᠃ ᠤᠯᠤᠰ ᠤᠨ ᠶᠡᠬᠡ ᠬᠤᠷᠠᠯ ᠤᠨ 50 ᠭᠠᠷᠤᠢ ᠭᠡᠰᠢᠭᠦᠨ ᠵᠢᠵᠢᠭ ᠳᠤᠮᠳᠠ ᠦᠢᠯᠡᠳᠪᠦᠷᠢ ᠬᠦᠭᠵᠢᠭᠦᠯᠬᠦ ᠰᠠᠩ ᠠᠴᠠ ᠵᠢᠭᠡᠯᠡ ᠠᠪᠤᠭᠰᠠᠨ᠃ ᠤᠯᠤᠰ ᠣᠷᠣᠨ ᠢᠶᠠᠨ ᠬᠥᠭᠵᠢᠭᠦᠯ ᠭᠡᠵᠦ ᠮᠤᠩᠭᠤᠯ ᠠᠷᠠᠳ ᠤᠨ ᠨᠠᠮ ᠳᠦ 65 ᠰᠠᠭᠤᠳᠠᠯ ᠢ ᠠᠷᠠᠳ ᠲᠦᠮᠡᠨ ᠥᠭᠭᠦᠭᠰᠡᠨ᠃ ᠤᠯᠤᠰ ᠣᠷᠣᠨ ᠤ ᠬᠤᠪᠢ ᠵᠠᠶᠠᠭ᠎ᠠ ᠪᠠᠷ ᠲᠣᠭᠯᠠᠵᠤ᠂ ᠬᠣᠭᠣᠷᠣᠨᠳᠣ ᠪᠠᠨ ᠰᠠᠨᠳᠠᠯᠢ ᠰᠠᠭᠤᠳᠠᠯ ᠢᠶᠠᠨ ᠪᠤᠯᠢᠶᠠᠯᠳᠤ ᠭᠡᠵᠦ ᠡᠷᠬᠡ ᠮᠡᠳᠡᠯ ᠢ ᠥᠭᠭᠦᠭᠡ ᠦᠭᠡᠢ ᠭᠡᠵᠦ ᠪᠣᠳᠣᠵᠤ ᠪᠠᠶᠢᠨ᠎ᠠ᠃ ᠰᠡᠭᠦᠯ ᠦᠨ ᠦᠶ᠎ᠡ ᠳᠦ ᠤᠭ᠍ᠶᠤᠲᠤᠯᠤᠭᠠᠢ ᠶᠢᠨ ᠭᠡᠷ᠎ᠡ ᠶᠢ ᠪᠠᠶᠢᠭᠤᠯᠤᠭᠰᠠᠨ ᠵᠠᠰᠠᠭ ᠤᠨ ᠭᠠᠵᠠᠷ ᠪᠦᠷᠢᠨ ᠪᠦᠷᠢᠯᠳᠦᠬᠦᠨ ᠢᠶᠡᠷ ᠢᠶᠡᠨ ᠪᠠᠶᠢᠬᠤ ᠳᠤ ᠠᠯᠢ ᠨᠢᠭᠡ ᠤᠯᠤᠰ ᠲᠥᠷᠥ ᠶᠢᠨ ᠬᠦᠴᠦᠨ ᠢ ᠪᠤᠷᠤᠭᠤᠳᠬᠠᠬᠤ ᠭᠡᠵᠦ᠂ ᠬᠡᠨ ᠨᠢᠭᠡᠨ ᠢ ᠪᠤᠷᠤᠭᠤ ᠬᠠᠷᠠᠭᠳᠠᠭᠤᠯᠬᠤ ᠭᠡᠵᠦ ᠣᠷᠣᠯᠳᠤᠵᠤ ᠪᠠᠶᠢᠨ᠎ᠠ᠃ ᠰ∙ᠪᠠᠶᠠᠷ ᠤᠨ ᠵᠠᠰᠠᠭ ᠤᠨ ᠭᠠᠵᠠᠷ ᠤᠭ᠍ᠶᠤᠲᠤᠯᠤᠭᠠᠢ ᠶᠢᠨ ᠭᠡᠷ᠎ᠡ ᠳᠦ ᠭᠠᠷ ᠤᠨ ᠦᠰᠦᠭ ᠵᠢᠷᠤᠭᠰᠠᠨ᠃ ᠪᠢ ᠤᠭ᠍ᠶᠤᠲᠤᠯᠤᠭᠠᠢ ᠶᠢᠨ ᠭᠡᠷ᠎ᠡ ᠶᠢ ᠡᠰᠡᠷᠭᠦᠴᠡᠵᠦ᠂ ᠲᠤᠬᠠᠢ ᠶᠢᠨ ᠦᠶ᠎ᠡ ᠶᠢᠨ ᠰᠠᠶᠢᠳ ᠳ᠂ ᠵᠣᠷᠢᠭᠲᠤ ᠶᠢ ᠬᠣᠶᠠᠷ ᠴᠤ ᠤᠳᠠᠭ᠎ᠠ ᠤᠭᠴᠠᠷᠠᠭᠤᠯᠬᠤ ᠭᠡᠵᠦ ᠣᠷᠣᠯᠳᠤᠭᠰᠠᠨ᠃ ᠨᠡᠶᠢᠭᠡᠮ ᠳᠦ ᠠᠰᠠᠭᠤᠳᠠᠯ ᠡᠭᠦᠰᠬᠦ ᠳᠦ ᠬᠠᠤᠯᠢ ᠵᠦᠢ ᠳᠣᠲᠣᠭᠠᠳᠤ ᠬᠡᠷᠡᠭ ᠦᠨ ᠰᠠᠶᠢᠳ ᠪᠦᠬᠦ ᠴᠠᠭ ᠦᠶ᠎ᠡ ᠳᠦ ᠪᠠᠶᠢᠭᠰᠠᠨ᠂ ᠥᠪᠡᠷ ᠦᠨ ᠬᠢᠨᠢ ᠡᠷᠬᠡ ᠠᠰᠢᠭ ᠲᠠᠢ ᠵᠦᠢᠯ ᠳᠡᠭᠡᠷ᠎ᠡ ᠯᠠ ᠰᠢᠳᠤᠷᠭᠤ ᠶᠣᠰᠣ ᠶᠠᠷᠢᠳᠠᠭ ᠰᠠᠶᠢᠳ ᠪᠣᠯ ᠼ∙ᠨᠢᠮᠠᠳᠣᠷᠵᠢ᠃ ᠶᠠᠭ ᠡᠶᠢᠮᠦ ᠰᠠᠶᠢᠳ ᠨᠠᠷ ᠡᠨᠡ ᠵᠠᠰᠠᠭ ᠤᠨ ᠭᠠᠵᠠᠷ ᠲᠤ ᠣᠯᠠᠨ ᠪᠠᠶᠢᠨ᠎ᠠ ᠭᠡᠪᠡ᠃ ᠮᠡᠳᠡᠭᠡᠯᠡᠯ ᠦᠨ ᠳᠠᠷᠠᠭ᠎ᠠ ᠰᠡᠳᠬᠦᠯᠴᠢᠳ ᠦᠨ ᠠᠰᠠᠭᠤᠯᠲᠠ ᠳᠤ ᠬᠠᠷᠢᠭᠤᠯᠲᠠ ᠥᠭᠭᠦᠯ᠎ᠡ᠃
– ᠵᠠᠷᠢᠮ ᠰᠠᠶᠢᠳ ᠨᠠᠷ ᠢ ᠶᠡᠬᠡ ᠬᠡᠮᠵᠢᠶᠡᠨ ᠦ ᠠᠪᠯᠢᠭ᠎ᠠ ᠶᠢᠨ ᠠᠰᠠᠭᠤᠳᠠᠯ ᠳᠤ ᠬᠣᠯᠪᠣᠭᠳᠠᠭᠰᠠᠨ ᠭᠡᠬᠦ ᠮᠡᠳᠡᠭᠡᠯᠡᠯ ᠬᠢᠷᠢ ᠪᠣᠳᠠᠲᠠᠢ ᠪᠤᠢ᠃ ᠪᠠᠷᠢᠮᠲᠠ ᠪᠤᠢ ᠤᠤ︖
– ᠡᠨᠡ ᠠᠰᠠᠭᠤᠳᠠᠯ ᠢ ᠪᠢ ᠶᠠᠷᠢᠭᠰᠠᠨ ᠶᠤᠮ ᠪᠢᠰᠢ᠂ ᠪᠦᠬᠦ ᠬᠡᠪᠯᠡᠯ ᠢᠶᠡᠷ ᠭᠠᠷᠤᠭᠰᠠᠨ᠃ ᠮᠢᠨᠦ  ᠰᠤᠨᠤᠰᠤᠭᠰᠠᠨ ᠢᠶᠠᠷ10 ᠰᠠᠶ᠎ᠠ ᠳ᠋ᠣᠯᠯᠠᠷ ᠤᠨ ᠠᠪᠯᠢᠭ᠎ᠠ ᠶᠢᠨ ᠠᠰᠠᠭᠤᠳᠠᠯ ᠬᠢᠲᠠᠳ ᠤᠨ ᠪᠢᠽᠢᠨᠧᠰ ᠡᠷᠬᠢᠯᠡᠭᠴᠢ ᠺᠣᠮᠫᠠᠨᠢ ᠲᠠᠢ ᠬᠣᠯᠪᠣᠭ᠎ᠠ ᠲᠠᠢ ᠭᠡᠬᠦ ᠮᠡᠳᠡᠭᠡᠯᠡᠯ ᠢ ᠰᠣᠨᠣᠰᠤᠭᠰᠠᠨ᠃ ᠬᠠᠷᠢᠨ 1.2 ᠲᠡᠷᠪᠤᠮ ᠳ᠋ᠣᠯᠯᠠᠷ ᠤᠨ ᠠᠰᠠᠭᠤᠳᠠᠯ ᠹᠷᠠᠨᠼᠢ ᠶᠢᠨ ᠬᠠᠤᠯᠢ ᠶᠢᠨ ᠪᠠᠶᠢᠭᠤᠯᠤᠯᠭ᠎ᠠ ᠳᠤ ᠰᠢᠯᠭᠠᠭᠳᠠᠵᠤ ᠪᠠᠶᠢᠭ᠎ᠠ᠃

ᠰᠡᠳᠬᠢᠭᠳᠡᠯ ᠦᠯᠡᠳᠡᠭᠡᠬᠦ