ᠶᠦ᠊∙ᠼᠡᠳᠡᠨᠪᠠᠯ ᠤᠨ ᠲᠤᠬᠠᠢ ᠨᠣᠮ ᠬᠡᠪᠯᠡᠭᠳᠡᠯ᠎ᠡ  | News.MN

ᠶᠦ᠊∙ᠼᠡᠳᠡᠨᠪᠠᠯ ᠤᠨ ᠲᠤᠬᠠᠢ ᠨᠣᠮ ᠬᠡᠪᠯᠡᠭᠳᠡᠯ᠎ᠡ 

ᠮᠣᠩᠭᠣᠯ ᠤᠯᠤᠰ ᠤᠨ ᠶᠡᠬᠡ ᠰᠤᠷᠭᠠᠭᠤᠯᠢ ᠶᠢᠨ ᠫᠷᠣᠹᠧᠰᠰᠣᠷ᠂ ᠳ᠋ᠣᠺᠲ᠋ᠣᠷ᠂ ᠲᠡᠦᠬᠡᠴᠢ ᠼ∙ᠵᠠᠮᠪᠠᠯᠰᠦ᠋ᠷᠦᠩ ᠦᠨ  ︽ᠶᠦ᠊∙ᠼᠡᠳᠡᠨᠪᠠᠯ ᠮᠣᠩᠭᠣᠯ ᠤᠯᠤᠰ ᠤᠨ ᠶᠡᠬᠡ ᠰᠤᠷᠭᠠᠭᠤᠯᠢ ᠶᠢ ᠰᠠᠨᠠᠭᠠᠴᠢᠯᠠᠨ ᠪᠦᠲᠦᠭᠡᠯᠴᠡᠭᠰᠡᠨ ᠨᠢ︾ ᠨᠣᠮ ᠤᠨ ᠨᠡᠭᠡᠭᠡᠯᠲᠡ ᠪᠣᠯᠤᠯ᠎ᠠ᠃ ᠨᠣᠮ ᠤᠨ ᠨᠡᠭᠡᠭᠡᠯᠲᠡ ᠳᠦ ᠮᠣᠩᠭᠣᠯ ᠤᠯᠤᠰ ᠤᠨ ᠶᠡᠬᠡ ᠰᠤᠷᠭᠠᠭᠤᠯᠢ ᠶᠢᠨ ᠠᠬᠠᠮᠠᠳ ᠪᠠᠭᠰᠢ᠂ ᠠᠵᠢᠯᠲᠠᠨ ᠤ ᠨᠢᠭᠡᠳᠦᠭᠰᠡᠨ ᠬᠣᠯᠪᠣᠭᠠᠨ ᠤ ᠭᠡᠰᠢᠭᠦᠳ᠂ ᠦᠶ᠎ᠡ ᠦᠶ᠎ᠡ ᠶᠢᠨ ᠡᠷᠳᠡᠮᠲᠡᠨ᠂ ᠠᠷᠠᠳ ᠤᠨ ᠪᠠᠭᠰᠢ᠂ ᠠᠺᠠᠳ᠋ᠸᠮᠢᠴᠢ ᠨᠠᠷ᠂ ᠦᠶ᠎ᠡ ᠦᠶ᠎ᠡ ᠶᠢᠨ ᠵᠠᠬᠢᠷᠤᠯ ᠤᠳ᠂ ᠶᠦ᠊∙ᠼᠡᠳᠡᠨᠪᠠᠯ ᠠᠭᠰᠠᠨ ᠤ ᠠᠷᠤ ᠭᠡᠷ ᠦᠨ ᠲᠥᠯᠥᠭᠡᠯᠡᠯ ᠣᠷᠣᠯᠴᠠᠭᠰᠠᠨ ᠶᠤᠮ᠃ ᠨᠤᠮ ᠳᠤ ᠶᠦ᠊∙ᠼᠡᠳᠡᠨᠪᠠᠯ ᠨᠢ ᠨᠡᠶᠢᠭᠡᠮ᠂ ᠡᠳ᠋᠍ ᠦᠨ ᠵᠠᠰᠠᠭ ᠤᠨ ᠣᠯᠠᠨ ᠰᠠᠯᠪᠤᠷᠢ ᠶᠢᠨ ᠰᠠᠭᠤᠷᠢ ᠶᠢ ᠲᠠᠯᠪᠢᠯᠴᠠᠭᠰᠠᠨ ᠤ ᠳᠤᠮᠳᠠ ᠠᠴᠠ ᠠᠩᠬᠠᠨ ᠤ ᠳᠡᠭᠡᠳᠦ ᠪᠣᠯᠪᠠᠰᠤᠷᠠᠯ ᠤᠨ ᠪᠠᠶᠢᠭᠤᠯᠤᠯᠭ᠎ᠠ ᠪᠣᠯᠬᠤ ᠮᠣᠩᠭᠣᠯ ᠤᠯᠤᠰ ᠤᠨ ᠶᠡᠬᠡ ᠰᠤᠷᠭᠠᠭᠤᠯᠢ ᠢ ᠬ∙ᠴᠣᠶᠢᠪᠠᠯᠰᠠᠩ ᠲᠠᠢ ᠡᠩ ᠵᠡᠷᠭᠡᠴᠡᠨ ᠪᠠᠶᠢᠭᠤᠯᠵᠤ ᠶᠠᠪᠤᠭᠰᠠᠨ ᠲᠤᠬᠠᠢ ᠥᠭᠦᠯᠡᠬᠦ ᠶᠤᠮ᠃ ᠲᠣᠳᠣᠷᠬᠠᠢ ᠲᠣᠭ᠎ᠠ ᠪᠠᠷᠢᠮᠲᠠ ᠠᠴᠠ ᠳᠤᠷᠠᠳᠪᠠᠯ ᠶᠦ᠊∙ᠼᠡᠳᠡᠨᠪᠠᠯ ᠨᠢ 1939 ᠣᠨ ᠳᠤ ᠣᠷᠣᠰ ᠲᠤ ᠠᠶᠢᠯᠴᠢᠯᠠᠨ ᠰᠲ᠋ᠠᠯᠢᠨ ᠲᠠᠢ ᠠᠭᠤᠯᠵᠠᠬᠤ ᠳᠤ ᠪᠠᠨ ᠰᠠᠯᠪᠤᠷᠢ ᠪᠦᠷᠢ ᠶᠢᠨ ᠪᠣᠯᠪᠠᠰᠤᠨ ᠬᠦᠴᠦᠨ ᠢ ᠰᠤᠷᠭᠠᠨ ᠪᠡᠯᠡᠳᠬᠡᠬᠦ᠂ ᠶᠡᠬᠡ ᠰᠤᠷᠭᠠᠭᠤᠯᠢ ᠪᠠᠶᠢᠬᠤ ᠨᠢ ᠵᠦᠢᠲᠡᠢ ᠲᠤᠬᠠᠢ ᠳᠤᠷᠠᠳᠴᠦ ᠪᠠᠶᠢᠭᠰᠠᠨ ᠲᠤᠬᠠᠢ ᠨᠤᠮ ᠳᠤ ᠦᠭᠦᠯᠡᠵᠡᠢ᠃
ᠮᠣᠩᠭᠣᠯ ᠤᠯᠤᠰ ᠤᠨ ᠶᠡᠬᠡ ᠰᠤᠷᠭᠠᠭᠤᠯᠢ ᠶᠢᠨ ᠵᠠᠬᠢᠷᠤᠯ ᠶ᠂ ᠲᠡᠮᠦᠷᠪᠠᠭᠠᠲᠤᠷ᠄ ᠮᠣᠩᠭᠣᠯ ᠤᠯᠤᠰ ᠤᠨ ᠵᠠᠰᠠᠭ ᠤᠨ ᠭᠠᠵᠠᠷ ᠠᠴᠠ ᠮᠣᠩᠭᠣᠯ ᠤᠯᠤᠰ ᠤᠨ ᠶᠡᠬᠡ ᠰᠤᠷᠭᠠᠭᠤᠯᠢ ᠳᠦ 75 ᠵᠢᠯ ᠦᠨ ᠣᠢ ᠪᠠᠷ ᠨᠢ  ︽ᠰᠦᠬᠡᠪᠠᠭᠠᠲᠤᠷ ᠤᠨ ᠣᠳᠣᠨ︾ ᠬᠡᠮᠡᠬᠦ ᠬᠦᠨᠳᠦᠳᠬᠡᠯᠲᠡᠢ ᠱᠠᠩᠨᠠᠯ ᠢ 60 ᠵᠢᠯ ᠦᠨ ᠳᠠᠷᠠᠭ᠎ᠠ ᠣᠯᠭᠤᠯ᠎ᠠ᠃ ᠶᠡᠬᠡ ᠰᠤᠷᠭᠠᠭᠤᠯᠢ ᠡᠶᠢᠮᠦ ᠲᠦᠪᠰᠢᠨ ᠳᠦ ᠠᠮᠵᠢᠯᠲᠠ ᠲᠠᠢ ᠶᠠᠪᠤᠵᠤ ᠪᠠᠶᠢᠭ᠎ᠠ ᠨᠢ ᠶᠦ᠊∙ᠼᠡᠳᠡᠨᠪᠠᠯ ᠤᠨ ᠡᠬᠢᠯᠡᠭᠦᠯᠦᠭᠰᠡᠨ ᠦᠢᠯᠡ ᠬᠡᠷᠡᠭ ᠲᠡᠢ ᠰᠠᠯᠤᠰᠢ ᠦᠭᠡᠢ ᠬᠣᠯᠪᠣᠭ᠎ᠠ ᠲᠠᠢ᠃ ᠶᠡᠬᠡ ᠰᠤᠷᠭᠠᠭᠤᠯᠢ ᠨᠢ ᠡᠭᠦᠰᠬᠡᠨ ᠪᠠᠶᠢᠭᠤᠯᠤᠭᠳᠠᠭᠰᠠᠨ ᠠᠴᠠ ᠪᠠᠨ ᠬᠣᠶᠢᠰᠢ 200 000 ᠣᠷᠴᠢᠮ ᠪᠣᠯᠪᠠᠰᠤᠨ ᠬᠦᠴᠦᠨ ᠢ ᠪᠡᠯᠡᠳᠬᠡᠵᠦ᠂ ᠳᠣᠯᠣᠭᠠᠨ ᠪᠡᠶ᠎ᠡ ᠳᠠᠭᠠᠭᠠᠭᠰᠠᠨ ᠶᠡᠬᠡ ᠰᠤᠷᠭᠠᠭᠤᠯᠢ ᠶᠢ ᠪᠤᠢ ᠪᠣᠯᠭᠠᠭᠰᠠᠨ ᠭᠡᠪᠡ᠃

ᠰᠡᠳᠬᠢᠭᠳᠡᠯ ᠦᠯᠡᠳᠡᠭᠡᠬᠦ