︽ᠮᠣᠩᠭᠣᠯ ᠠᠷᠲ︾ ᠭᠠᠯᠧᠷᠧᠢ ᠡᠭᠦᠳᠡ ᠪᠡᠨ ᠨᠡᠭᠡᠭᠡᠯ᠎ᠡ  | News.MN

︽ᠮᠣᠩᠭᠣᠯ ᠠᠷᠲ︾ ᠭᠠᠯᠧᠷᠧᠢ ᠡᠭᠦᠳᠡ ᠪᠡᠨ ᠨᠡᠭᠡᠭᠡᠯ᠎ᠡ 

︽ᠬᠡᠦᠬᠡᠳ ᠦᠨ ᠶᠢᠷᠲᠢᠨᠴᠦ-2018︾ ᠵᠢᠷᠤᠭ ᠤᠨ ᠤᠯᠤᠰ ᠤᠨ ᠤᠷᠤᠯᠳᠤᠭᠠᠨ ᠤ ᠰᠢᠯᠢᠳᠡᠭ ᠪᠦᠲᠦᠭᠡᠯ ᠦᠨ ᠦᠵᠡᠰᠬᠦᠯᠡᠩ ᠥᠴᠥᠭᠡᠳᠦᠷ ︵2019.05.31︶ ᠰᠢᠨ᠎ᠡ ᠪᠡᠷ ᠡᠭᠦᠳᠡ ᠪᠡᠨ ᠨᠡᠭᠡᠭᠡᠵᠦ ᠪᠤᠢ ︽ᠮᠣᠩᠭᠣᠯ  ᠠᠷᠲ︾ ᠭᠠᠯᠧᠷᠧᠢ ᠶᠢᠨ ᠰᠠᠯᠬᠢ ᠶᠢ ᠬᠠᠭᠠᠯᠤᠯ᠎ᠠ᠃ ᠮᠣᠩᠭᠣᠯ ᠳᠤ 1962 ᠣᠨ ᠠᠴᠠ ᠡᠬᠢᠯᠡᠨ ︽ᠬᠡᠦᠬᠡᠳ ᠦᠨ ᠶᠢᠷᠲᠢᠨᠴᠦ︾ ᠨᠡᠷ᠎ᠡ ᠲᠡᠢ ᠵᠢᠷᠤᠭ ᠤᠨ ᠤᠯᠤᠰ ᠤᠨ ᠤᠷᠤᠯᠳᠤᠭᠠᠨ ᠢ ᠤᠯᠤᠰ ᠳᠠᠶᠠᠭᠠᠷ ᠵᠣᠬᠢᠶᠠᠨ ᠪᠠᠶᠢᠭᠤᠯᠵᠤ ᠪᠠᠶᠢᠭᠰᠠᠨ᠃ ᠡᠨᠡ ᠤᠯᠤᠰ ᠤᠨ ᠤᠷᠤᠯᠳᠤᠭᠠᠨ 1990 ᠍ ᠊ᠭᠡᠳ ᠣᠨ ᠠᠴᠠ ᠬᠣᠶᠢᠰᠢ 20 ᠵᠢᠯ  ᠲᠠᠰᠤᠯᠳᠠᠭᠰᠠᠨ ᠢ ︽ᠪᠣᠯᠣᠳ︾ ᠺᠤᠮᠫᠠᠨᠢ 2014 ᠣᠨ ᠠᠴᠠ ᠰᠡᠷᠭᠦᠭᠡᠵᠦ᠂ ᠤᠯᠤᠰ ᠤᠨ ᠵᠢᠷᠤᠭ ᠤᠨ ᠤᠷᠤᠯᠳᠤᠭᠠᠨ ᠢ ᠬᠣᠶᠠᠷ ᠵᠢᠯ ᠲᠤᠲᠤᠮ ᠳᠤ ᠵᠣᠬᠢᠶᠠᠨ ᠪᠠᠶᠢᠭᠤᠯᠬᠤ ᠪᠠᠷ ᠪᠣᠯᠤᠭᠰᠠᠨ ᠶᠤᠮ᠃
ᠦᠵᠡᠰᠬᠦᠯᠡᠩ ᠦᠨ ᠨᠡᠭᠡᠭᠡᠯᠲᠡ ᠶᠢᠨ ᠦᠶ᠎ᠡ ᠪᠡᠷ ᠮᠣᠩᠭᠣᠯ ᠤᠨ ᠵᠢᠷᠤᠭᠠᠴᠢᠳ ᠤᠨ ᠡᠪᠯᠡᠯ ᠦᠨ ᠲᠡᠷᠢᠭᠦᠨ᠂ ᠰᠤᠶᠤᠯ ᠤᠨ ᠭᠠᠪᠢᠶᠠᠲᠤ ᠵᠢᠳᠬᠦᠯᠲᠡᠨ ᠫ∙ᠴᠡᠭᠮᠢᠳ ᠭᠤᠸᠠᠢ ᠰᠡᠳᠬᠢᠭᠳᠡᠯ ᠡᠴᠡ ᠪᠡᠨ ᠬᠤᠪᠢᠶᠠᠯᠴᠠᠯ᠎ᠠ᠄ ᠮᠣᠩᠭᠣᠯ ᠤᠨ ᠬᠣᠶᠢᠴᠢ ᠢᠷᠡᠭᠡᠳᠦᠢ ᠪᠣᠯᠤᠭᠰᠠᠨ ᠪᠠᠭᠠᠴᠤᠳ ᠲᠤ ᠪᠠᠨ᠂ ᠪᠠᠭᠰᠢ᠂ ᠡᠴᠢᠭᠡ᠂ ᠡᠬᠡᠴᠦᠳ ᠲᠦ ᠪᠡᠨ ᠡᠬᠡ ᠦᠷᠡᠰ ᠦᠨ ᠪᠠᠶᠠᠷ ᠤᠨ ᠮᠡᠨᠳᠦ ᠶᠢ ᠬᠦᠷᠭᠡᠶ᠎ᠡ᠃ ᠥᠨᠥᠳᠥᠷ ᠬᠡᠦᠬᠡᠳ ᠦᠳ ᠦᠨ ᠢᠨᠢᠶᠡᠳᠦ ᠬᠥᠷ ᠢᠶᠡᠷ ᠴᠢᠮᠡᠭᠰᠡᠨ ᠴᠣ ᠰᠢᠨᠡᠬᠡᠨ  ︽ᠮᠣᠩᠭᠣᠯ ᠠᠷᠲ︾ ᠭᠠᠯᠧᠷᠧᠢ ᠡᠭᠦᠳᠡ ᠬᠠᠭᠠᠯᠭ᠎ᠠ ᠪᠠᠨ ᠨᠡᠭᠡᠭᠡᠵᠦ ᠪᠠᠶᠢᠭ᠎ᠠ ᠳᠤ ᠪᠠᠶᠠᠷᠲᠠᠢ ᠪᠠᠶᠢᠨ᠎ᠠ᠃ ᠶᠡᠬᠡ  ᠪᠡᠯᠭᠡᠰᠢᠶᠡᠯᠲᠡᠢ ᠰᠠᠶᠢᠬᠠᠨ ᠦᠢᠯᠡ ᠶᠠᠪᠤᠳᠠᠯ ᠪᠣᠯᠵᠤ ᠪᠠᠶᠢᠨ᠎ᠠ᠃ ᠡᠨᠡ ᠭᠠᠯᠧᠷᠧᠢ ᠦᠨᠳᠦᠰᠦᠨ ᠳᠦ ᠪᠡᠨ ᠳᠥᠷᠪᠡᠨ ᠳᠠᠪᠬᠤᠷ᠃ ᠳᠠᠪᠬᠤᠷ ᠪᠦᠷᠢ ᠳᠦ ᠪᠡᠨ 350 ᠺᠦᠸᠠᠳ᠋ ᠮᠸᠲᠷ ᠲᠠᠯᠠᠪᠠᠢ ᠲᠠᠢ ᠨᠡᠶᠢᠲᠡ 1400 ᠺᠦᠸᠠᠳ᠋ ᠮᠸᠲᠷ ᠪᠦᠬᠦᠢ ᠲᠠᠯᠠᠪᠠᠢ ᠲᠠᠢ᠃ ᠰᠢᠨ᠎ᠡ ᠣᠷᠴᠢᠨ ᠦᠶ᠎ᠡ ᠶᠢᠨ ᠭᠠᠯᠧᠷᠧᠢ ᠮᠣᠩᠭᠣᠯ ᠤᠨ ᠦᠶ᠎ᠡ ᠦᠶ᠎ᠡ ᠶᠢᠨ ᠵᠢᠷᠤᠭᠠᠴᠢᠳ ᠤᠨ ᠮᠥᠷᠥᠭᠡᠳᠦᠯ ᠪᠣᠯᠵᠤ ᠪᠠᠶᠢᠭᠰᠠᠨ ᠪᠢᠯᠡ᠃ ᠡᠨᠡ ᠭᠠᠯᠧᠷᠧᠢ ᠳᠦ ᠮᠣᠩᠭᠣᠯ ᠤᠨ ᠳᠦᠷᠰᠦᠯᠡᠬᠦ ᠤᠷᠠᠯᠢᠭ ᠤᠨ ᠰᠢᠨ᠎ᠡ ᠦᠶ᠎ᠡ ᠶᠢᠨ ᠬᠢᠨ ᠪᠦᠲᠦᠭᠡᠯ ᠢᠶᠡᠨ ᠳᠡᠯᠭᠡᠨ᠂ ᠲᠥᠷᠥᠨ ᠭᠠᠷᠭᠠᠬᠤ᠂ ᠭᠠᠳᠠᠭᠠᠳᠤ ᠳᠣᠲᠣᠭᠠᠳᠤ ᠶᠢᠨ ᠦᠵᠡᠭᠴᠢᠳ ᠦᠨ ᠨᠢᠳᠦ ᠶᠢ ᠪᠠᠶᠠᠰᠬᠠᠬᠤ ᠶᠡᠬᠡ ᠥᠷᠭᠥᠭᠡ ᠪᠣᠯᠤᠨ᠎ᠠ ᠭᠡᠳᠡᠭ ᠲᠦ ᠢᠲᠡᠭᠡᠯ ᠲᠡᠢ ᠪᠠᠶᠢᠨ᠎ᠠ ᠭᠡᠪᠡ᠃

ᠰᠡᠳᠬᠢᠭᠳᠡᠯ ᠦᠯᠡᠳᠡᠭᠡᠬᠦ