︽ᠲᠣᠷᠭᠠᠨ ᠤ ᠵᠠᠮ︾ ᠠᠦ᠋ᠲ᠋ᠣ᠋ ᠷᠠᠯᠯᠢ ᠶᠢᠨ ᠮᠠᠷᠱᠷᠦ᠋ᠲ ᠭᠠᠷᠤᠯ᠎ᠠ  | News.MN

 ︽ᠲᠣᠷᠭᠠᠨ ᠤ ᠵᠠᠮ︾ ᠠᠦ᠋ᠲ᠋ᠣ᠋ ᠷᠠᠯᠯᠢ ᠶᠢᠨ ᠮᠠᠷᠱᠷᠦ᠋ᠲ ᠭᠠᠷᠤᠯ᠎ᠠ 

ᠡᠷᠲᠡᠨ ᠦ ᠲᠣᠷᠭᠠᠨ ᠤ ᠵᠠᠮ ᠤᠨ ᠳᠠᠭᠠᠤ ᠵᠣᠬᠢᠶᠠᠭᠳᠠᠬᠤ ︽ᠲᠣᠷᠭᠠᠨ ᠤ ᠵᠠᠮ 2019︾ ᠣᠯᠠᠨ ᠤᠯᠤᠰ ᠤᠨ ᠠᠦ᠋ᠲ᠋ᠣ᠋ ᠷᠠᠯᠯᠢ ᠶᠢᠨ ᠮᠠᠷᠱᠷᠦ᠋ᠲ ᠢ ᠡᠴᠦᠰ ᠦᠨ ᠪᠠᠶᠢᠳᠠᠯ ᠢᠶᠠᠷ ᠵᠠᠷᠯᠠᠵᠠᠢ᠃ ᠲᠡᠮᠡᠴᠡᠭᠡᠨ ᠦ ᠠᠯᠪᠠᠨ ᠶᠣᠰᠣᠨ ᠤ ᠴᠠᠬᠢᠮ ᠬᠠᠭᠤᠳᠠᠰᠤᠨ ᠳᠤ ᠡᠨᠡ ᠲᠠᠯ᠎ᠠ ᠶᠢᠨ ᠮᠡᠳᠡᠭᠡᠯᠡᠯ ᠲᠠᠯᠪᠢᠭᠳᠠᠭᠰᠠᠨ ᠪᠠᠶᠢᠨ᠎ᠠ᠃ ᠠᠦ᠋ᠲ᠋ᠣ᠋ ᠷᠠᠯᠯᠢ 10  ᠳᠤᠮᠳᠠ ᠶᠢᠨ ᠭᠠᠷᠤᠭ᠎ᠠ ᠲᠠᠢ ᠪᠠᠶᠢᠬᠤ ᠪᠥᠭᠡᠳ ᠣᠷᠣᠰ᠂ ᠮᠣᠩᠭᠣᠯ᠂ ᠬᠢᠲᠠᠳ ᠨᠤᠲᠤᠭ ᠳᠠᠮᠵᠢᠨ ᠶᠠᠪᠤᠭᠳᠠᠨ᠎ᠠ᠃ ᠭᠠᠷᠤᠭ᠎ᠠ ᠪᠠᠨ ᠢᠷᠡᠬᠦ ᠰᠠᠷ᠎ᠠ ᠶᠢᠨ 6᠍ ᠳᠦ ᠢᠷᠺᠦᠲᠰᠺ᠂ ᠪᠠᠶᠢᠭᠠᠯ ᠨᠠᠭᠤᠷ ᠤᠨ ᠡᠷᠭᠢ ᠡᠴᠡ ᠡᠬᠢᠯᠡᠵᠦ᠂ ᠮᠣᠩᠭᠣᠯ ᠤᠨ ᠨᠤᠲᠤᠭ ᠢᠶᠠᠷ ᠳᠠᠮᠵᠢᠨ 5000 ᠺᠢᠯᠣᠮᠧᠲ᠋ᠷ ᠵᠠᠮ ᠲᠤᠭᠤᠯᠤᠭᠠᠳ ᠳᠣᠯᠣᠳᠤᠭᠠᠷ ᠰᠠᠷ᠎ᠠ ᠶᠢᠨ 16 ᠍ ᠳᠦ ᠪᠦᠭᠦᠳᠡ ᠨᠠᠶᠢᠷᠠᠮᠳᠠᠬᠤ ᠬᠢᠲᠠᠳ ᠠᠷᠠᠳ ᠤᠯᠤᠰ ᠤᠨ ᠳ᠋ᠦᠩᠬᠤᠸᠠᠩ ᠳᠤ ᠪᠠᠷᠢᠶᠠᠨ ᠳᠤ ᠤᠷᠤᠬᠤ ᠶᠤᠮ᠃ ᠲᠡᠮᠡᠴᠡᠭᠡᠨ ᠢ ᠵᠣᠬᠢᠶᠠᠨ ᠪᠠᠶᠢᠭᠤᠯᠬᠤ ᠬᠣᠷᠢᠶᠠᠨ ᠤ ᠳᠠᠷᠤᠭ᠎ᠠ ᠪᠠᠷ ᠳ᠋ᠠᠺᠠᠷ ᠷᠠᠯᠯᠢ ᠤᠷᠤᠯᠳᠤᠭᠠᠨ ᠤ ᠠᠴᠢᠶᠠᠨ ᠤ ᠮᠠᠰᠢᠨ ᠤ ᠠᠩᠭᠢᠯᠠᠯ ᠳᠤ ᠣᠯᠠᠨ ᠤᠳᠠᠭ᠎ᠠ ᠲᠦᠷᠦᠭᠦᠯᠡᠭᠰᠡᠨ ᠠᠯᠳᠠᠷᠲᠤ ᠸ∙ᠴᠠᠭᠢᠨ ᠠᠵᠢᠯᠯᠠᠵᠤ ᠪᠠᠶᠢᠭ᠎ᠠ ᠠᠵᠠᠢ᠃
ᠲᠡᠮᠡᠴᠡᠭᠡᠨ ᠳᠦ ᠣᠯᠠᠨ ᠤᠯᠤᠰ ᠤᠨ ᠰᠢᠯᠢᠳᠡᠭ ᠤᠷᠤᠯᠳᠤᠭᠠᠨᠴᠢᠳ ᠤᠷᠤᠯᠴᠠᠬᠤ ᠪᠥᠭᠡᠳ ᠲᠡᠮᠡᠴᠡᠭᠡᠨ ᠢ ᠦᠵᠡᠭᠴᠢᠳ ᠲᠦ ᠠᠯᠢ ᠪᠣᠯᠬᠤ ᠰᠣᠨᠢᠷᠬᠠᠯᠲᠠᠢ ᠪᠠᠶᠢᠯᠭᠠᠬᠤ ᠲᠠᠯ᠎ᠠ ᠠᠴᠠ ᠨᠢ ᠠᠩᠬᠠᠷᠴᠤ ᠠᠵᠢᠯᠯᠠᠬᠤ ᠶᠤᠮ ᠪᠠᠶᠢᠨ᠎ᠠ᠃

ᠰᠡᠳᠬᠢᠭᠳᠡᠯ ᠦᠯᠡᠳᠡᠭᠡᠬᠦ