ᠡᠮᠡᠭᠲᠡᠢ ᠰᠠᠭᠰᠤᠴᠢᠳ ᠰᠢᠯᠢᠳᠡᠭ 8 ᠍ ᠶᠢᠨ ᠥᠷᠢᠰᠦᠯᠳᠦᠭᠡᠨ ᠳᠦ ᠤᠷᠢᠭᠳᠠᠵᠠᠢ  | News.MN

ᠡᠮᠡᠭᠲᠡᠢ ᠰᠠᠭᠰᠤᠴᠢᠳ ᠰᠢᠯᠢᠳᠡᠭ 8 ᠍ ᠶᠢᠨ ᠥᠷᠢᠰᠦᠯᠳᠦᠭᠡᠨ ᠳᠦ ᠤᠷᠢᠭᠳᠠᠵᠠᠢ 

ᠣᠯᠠᠨ ᠤᠯᠤᠰ ᠤᠨ ᠰᠠᠭᠰᠤᠨ ᠪᠥᠮᠪᠥᠭᠡ ᠶᠢᠨ ᠬᠣᠯᠪᠣᠭᠠᠨ ᠠᠴᠠ ᠠᠩᠬ᠎ᠠ ᠤᠳᠠᠭ᠎ᠠ FIBA 3×3 ᠡᠮᠡᠭᠲᠡᠶᠢᠴᠦᠳ ᠦᠨ ᠳᠡᠯᠡᠬᠡᠢ ᠶᠢᠨ ᠭᠷᠡᠨᠫᠷᠢ ᠲᠡᠮᠡᠴᠡᠭᠡᠨ ᠢ ᠪᠦᠭᠦᠳᠡ ᠨᠠᠶᠢᠷᠠᠮᠳᠠᠬᠤ ᠬᠢᠲᠠᠳ ᠠᠷᠠᠳ ᠤᠯᠤᠰ ᠤᠨ  ᠴᠸᠩᠳᠦ᠋ ᠬᠤᠲᠠ ᠳᠤ ᠵᠣᠬᠢᠶᠠᠨ ᠪᠠᠶᠢᠭᠤᠯᠬᠤ ᠭᠡᠵᠦ ᠪᠠᠶᠢᠨ᠎ᠠ᠃ ᠥᠨᠥᠳᠥᠷ ᠡᠬᠢᠯᠡᠵᠦ ᠪᠤᠢ ᠳᠡᠯᠡᠬᠡᠢ ᠶᠢᠨ ᠭᠷᠡᠨᠫᠷᠢ  ᠳᠦ ᠠᠮᠧᠷᠢᠺᠠ᠂ ᠠᠦᠢᠰᠲᠷᠠᠯᠢᠶ᠎ᠠ᠂ ᠬᠢᠲᠠᠳ᠂ ᠹᠷᠠᠨᠼᠢ᠂ ᠶᠠᠫᠣᠨ᠂ ᠭᠣᠯᠯᠠᠨ᠋ᠳ᠋᠂ ᠦᠺᠷᠠᠶᠢᠨ ᠪᠣᠯᠤᠨ ᠮᠣᠩᠭᠣᠯ ᠤᠯᠤᠰ ᠤᠨ ᠪᠠᠭ ᠦᠷᠢᠰᠦᠯᠳᠦᠬᠦ ᠭᠡᠵᠦ ᠪᠠᠶᠢᠨ᠎ᠠ᠃ ᠴᠢᠨᠰᠠᠭ᠎ᠠ ᠥᠨᠳᠥᠷ ᠰᠢᠯᠢᠳᠡᠭ ᠨᠠᠢᠮᠠᠨ ᠪᠠᠭ ᠬᠣᠶᠠᠷ ᠬᠡᠰᠡᠭ ᠲᠦ ᠬᠤᠪᠢᠶᠠᠭᠳᠠᠭᠰᠠᠨ ᠪᠥᠭᠡᠳ A ᠬᠡᠰᠡᠭ ᠲᠦ ᠠᠮᠧᠷᠢᠺᠠ ᠂ ᠠᠦᠢᠰᠲᠷᠠᠯᠢᠶ᠎ᠠ᠂ ᠹᠷᠠᠨᠼᠢ ᠶᠢᠨ ᠪᠠᠭ ᠤᠳ ᠪᠠᠭᠲᠠᠵᠠᠢ᠃ ᠬᠠᠷᠢᠨ B ᠬᠡᠰᠡᠭ ᠲᠦ ᠦᠺᠷᠠᠶᠢᠨ᠂ ᠭᠣᠯᠯᠠᠨ᠋ᠳ᠋᠂ ᠬᠢᠲᠠᠳ᠂ ᠶᠠᠫᠣᠨ ᠤ ᠪᠠᠭ ᠣᠷᠣᠭᠰᠠᠨ ᠪᠠᠶᠢᠨ᠎ᠠ ᠃ ᠥᠨᠥᠳᠥᠷ ᠬᠡᠰᠡᠭ ᠦᠨ ᠲᠣᠭᠯᠠᠯᠲᠠ ᠨᠤᠭᠤᠳ ᠪᠣᠯᠵᠤ᠂ ᠬᠠᠭᠠᠰ ᠰᠢᠭᠰᠢᠭᠡ ᠳᠦ ᠦᠯᠡᠳᠡᠭᠰᠡᠨ ᠪᠠᠭ ᠤᠳ ᠮᠠᠷᠭᠠᠰᠢ ᠰᠢᠢᠳᠪᠦᠷᠢᠯᠡᠬᠦ ᠲᠣᠭᠯᠠᠯᠲᠠ ᠨᠤᠭᠤᠳ ᠢ ᠬᠢᠨ᠎ᠡ᠃  ᠮᠣᠩᠭᠣᠯ ᠤᠯᠤᠰ ᠤᠨ ᠪᠠᠭ ᠥᠨᠥᠳᠥᠷ ᠬᠡᠰᠡᠭ ᠦᠨ ᠭᠤᠷᠪᠠᠨ ᠲᠣᠭᠯᠠᠯᠲᠠ ᠬᠢᠬᠦ ᠪᠥᠭᠡᠳ 17᠄10᠂ 18᠄50᠂ 19᠄30 ᠴᠠᠭ ᠤᠳ ᠠᠴᠠ ᠲᠣᠭᠯᠠᠬᠤ ᠬᠤᠪᠢᠶᠠᠷᠢ ᠲᠠᠢ ᠪᠠᠶᠢᠨ᠎ᠠ᠃

ᠰᠡᠳᠬᠢᠭᠳᠡᠯ ᠦᠯᠡᠳᠡᠭᠡᠬᠦ