ᠡᠬᠡ ᠶᠢᠨ ᠠᠯᠳᠠᠷ ᠣᠳᠣᠨ ᠢ 9465 ᠡᠵᠢ ᠬᠦᠷᠲᠡᠵᠡᠢ  | News.MN

ᠡᠬᠡ ᠶᠢᠨ ᠠᠯᠳᠠᠷ ᠣᠳᠣᠨ ᠢ 9465 ᠡᠵᠢ ᠬᠦᠷᠲᠡᠵᠡᠢ 

︽ᠮᠣᠩᠭᠣᠯ ᠤᠯᠤᠰ ᠤᠨ ᠦᠨᠳᠦᠰᠦᠨ ᠬᠠᠤᠯᠢ︾ ᠶᠢᠨ 33 ᠳ᠋ᠤᠭᠠᠷ ᠵᠦᠢᠯ ᠦᠨ ᠨᠢᠭᠡᠳᠡᠬᠢ ᠬᠡᠰᠡᠭ ᠦᠨ 7  ᠳ᠋ᠡᠬᠢ ᠵᠢᠭᠠᠯᠲᠠ᠂ ︽ᠮᠣᠩᠭᠣᠯ ᠤᠯᠤᠰ ᠤᠨ ᠶᠡᠷᠦᠩᠬᠡᠶᠢᠯᠡᠭᠴᠢ ᠶᠢᠨ ᠲᠤᠬᠠᠢ︾ ᠬᠠᠤᠯᠢ ᠶᠢᠨ 15 ᠳ᠋ᠤᠭᠠᠷ ᠵᠦᠢᠯ ᠦᠨ 1 ᠳ᠋ᠡᠬᠢ ᠬᠡᠰᠡᠭ ᠲᠦ ᠵᠢᠭᠠᠭᠰᠠᠨ ᠢ ᠲᠤᠰ ᠲᠤᠰ ᠦᠨᠳᠦᠰᠦᠯᠡᠨ᠂ ᠮᠣᠩᠭᠣᠯ ᠤᠯᠤᠰ ᠤᠨ ᠶᠡᠷᠦᠩᠬᠡᠶᠢᠯᠡᠭᠴᠢ ᠬ∙ᠪᠠᠲᠤᠲᠤᠯᠭ᠎ᠠ ᠣᠯᠠᠨ ᠬᠡᠦᠬᠡᠳ ᠲᠥᠷᠦᠭᠦᠯᠵᠦ᠂ ᠥᠰᠬᠡᠨ ᠬᠦᠮᠦᠵᠢᠭᠦᠯᠦᠭᠰᠡᠨ ᠡᠬᠡᠴᠦᠳ ᠲᠦ ᠡᠬᠡ ᠶᠢᠨ ᠠᠯᠳᠠᠷ ᠣᠳᠣᠨ ᠭᠠᠷᠳᠠᠭᠤᠯᠬᠤ ᠵᠠᠷᠯᠢᠭ ᠭᠠᠷᠭᠠᠪᠠ᠃ ᠡᠨᠡ ᠵᠢᠯ ᠡᠬᠡ ᠶᠢᠨ ᠠᠯᠳᠠᠷ ᠪᠤᠶᠤ ᠣᠯᠠᠨ ᠤ ᠬᠡᠯᠡᠵᠦ ᠵᠠᠩᠰᠢᠭᠰᠠᠨ ᠢᠶᠠᠷ ᠠᠯᠳᠠᠷᠲᠤ ᠡᠬᠡ ᠶᠢᠨ ᠨᠢᠭᠡᠳᠦᠭᠡᠷ ᠪᠣᠯᠤᠨ ᠬᠤᠶᠠᠳᠤᠭᠠᠷ ᠣᠳᠣᠨ ᠢ 9465 ᠡᠵᠢ  ᠬᠦᠷᠲᠡᠵᠦ ᠪᠠᠶᠢᠨ᠎ᠠ᠃ ᠡᠭᠦᠨ ᠡᠴᠡ᠄ ᠨᠢᠭᠡᠳᠦᠭᠡᠷ ᠣᠳᠣᠨ 611᠂  ᠬᠣᠶᠠᠳᠤᠭᠠᠷ ᠣᠳᠣᠨ 8853︔ ᠨᠡᠶᠢᠰᠯᠡᠯ ᠡᠴᠡ3677᠂ ᠬᠥᠳᠡᠭᠡ᠂ ᠣᠷᠣᠨ ᠨᠤᠲᠤᠭ ᠠᠴᠠ 5090᠂ ᠭᠠᠳᠠᠭᠠᠳᠤ ᠤᠯᠤᠰ ᠲᠤ ᠣᠷᠣᠰᠢᠨ ᠰᠠᠭᠤᠭ᠎ᠠ 28 ᠡᠵᠢ ᠠᠯᠳᠠᠷᠲᠤ ᠡᠬᠡ ᠶᠢᠨ ᠣᠳᠣᠨ ᠭᠠᠷᠳᠠᠵᠤ ᠪᠠᠶᠢᠨ᠎ᠠ᠃
ᠥᠨᠥᠳᠥᠷ ︵2019.06.01︶ ᠮᠣᠩᠭᠣᠯ ᠤᠯᠤᠰ ᠤᠨ ᠶᠡᠷᠦᠩᠬᠡᠶᠢᠯᠡᠭᠴᠢ ᠬ∙ᠪᠠᠲᠤᠲᠤᠯᠭ᠎ᠠ ᠵᠠᠷᠢᠮ ᠡᠵᠢ ᠳᠦ ᠲᠥᠷᠥ ᠶᠢᠨ ᠣᠷᠳᠣᠨ ᠤ ᠶᠢᠰᠦᠨ ᠬᠦᠬᠦᠯᠲᠦ ᠴᠠᠭᠠᠨ ᠲᠤᠭᠲᠤ ᠲᠠᠩᠬᠢᠮ ᠳᠤ ᠣᠳᠣᠨ ᠢ ᠨᠢ ᠭᠠᠷᠳᠠᠭᠤᠯᠵᠤ᠂ ᠪᠠᠶᠠᠷ ᠬᠦᠷᠭᠡᠯ᠎ᠡ᠃

ᠰᠡᠳᠬᠢᠭᠳᠡᠯ ᠦᠯᠡᠳᠡᠭᠡᠬᠦ