ᠳᠡᠷᠪᠡᠭᠡᠷ ᠵᠢᠷᠪᠡᠭᠡᠷᠤ ᠶᠢ ᠭᠠᠷᠭᠠᠬᠤ ᠭᠡᠵᠦ ᠪᠠᠶᠢᠭᠠᠳ ᠪᠠᠷᠢᠭᠳᠠᠵᠠᠢ  | News.MN

ᠳᠡᠷᠪᠡᠭᠡᠷ ᠵᠢᠷᠪᠡᠭᠡᠷᠤ ᠶᠢ ᠭᠠᠷᠭᠠᠬᠤ ᠭᠡᠵᠦ ᠪᠠᠶᠢᠭᠠᠳ ᠪᠠᠷᠢᠭᠳᠠᠵᠠᠢ 

ᠳᠣᠷᠣᠨᠠᠭᠣᠪᠢ ᠠᠶᠢᠮᠠᠭ ᠤᠨ ᠬᠠᠲᠠᠨᠪᠤᠯᠠᠭ ᠰᠤᠮᠤ ᠶᠢᠨ ᠨᠤᠲᠤᠭ ᠳᠠᠬᠢ ᠬᠠᠩᠭᠢ ᠬᠢᠯᠢ ᠶᠢᠨ ᠪᠣᠭᠣᠮᠲᠠ ᠪᠠᠷ ᠢᠷᠭᠡᠳ 571 ᠺᠢᠯᠦᠭᠷᠡᠮ ᠳᠡᠷᠪᠡᠭᠡᠷ ᠵᠢᠷᠪᠡᠭᠡᠷᠦ ᠶᠢ ᠬᠠᠤᠯᠢ ᠪᠤᠰᠤ ᠪᠠᠷ ᠭᠠᠷᠭᠠᠬᠤ ᠭᠡᠵᠦ ᠪᠠᠶᠢᠭᠰᠠᠨ ᠳᠣᠷᠣᠨᠠᠭᠣᠪᠢ ᠠᠶᠢᠮᠠᠭ ᠤᠨ ᠬᠠᠷᠢᠶᠠᠲᠤ ᠢᠷᠭᠡᠨ M᠂ G ᠨᠠᠷ ᠢ ᠲᠠᠩᠨᠠᠭᠤᠯ ᠤᠨ ᠪᠠᠶᠢᠭᠤᠯᠤᠯᠭ᠎ᠠ ᠶᠢᠨ  ᠠᠵᠢᠯᠲᠠᠳ ᠢᠯᠡᠷᠡᠭᠦᠯᠵᠡᠢ᠃ ᠳᠡᠭᠡᠷᠡᠬᠢ ᠬᠡᠷᠡᠭ ᠲᠠᠪᠤᠳᠤᠭᠠᠷ ᠰᠠᠷ᠎ᠠ ᠶᠢᠨ 29 ᠤ ᠡᠳᠦᠷ ᠭᠠᠷᠤᠭᠰᠠᠨ ᠪᠠᠶᠢᠨ᠎ᠠ᠃
ᠳᠡᠷᠪᠡᠭᠡᠷ ᠵᠢᠷᠪᠡᠭᠡᠷᠦ ᠨᠢ ᠮᠣᠩᠭᠣᠯ ᠤᠯᠤᠰ ᠤᠨ ᠬᠣᠪᠣᠷ ᠤᠷᠭᠤᠮᠠᠯ ᠤᠨ ᠵᠢᠭᠰᠠᠭᠠᠯᠲᠠ ᠳᠤ ᠪᠠᠭᠲᠠᠳᠠᠭ᠃

ᠪᠠᠶᠢᠭᠠᠯᠢ ᠣᠷᠴᠢᠨ ᠠᠶᠠᠯᠠᠯ ᠵᠢᠭᠤᠯᠴᠢᠯᠠᠯ ᠤᠨ ᠶᠠᠮᠤᠨ ᠤ ᠰᠠᠶᠢᠳ ᠤᠨ 2018 ᠣᠨ ᠤ ᠭᠤᠷᠪᠠᠳᠤᠭᠠᠷ ᠰᠠᠷ᠎ᠠ ᠶᠢᠨ1 ᠦ ᠲᠤᠰᠢᠶᠠᠯ ᠢᠶᠠᠷ ᠳᠡᠭᠡᠷᠡᠬᠢ ᠤᠷᠭᠤᠮᠠᠯ ᠢ ᠲᠡᠭᠦᠨ ᠪᠡᠯᠡᠳᠬᠡᠬᠦ ᠶᠢ 2022 ᠣᠨ ᠤ ᠨᠢᠭᠡᠳᠦᠭᠡᠷ ᠰᠠᠷ᠎ᠠ ᠶᠢᠨ1 ᠦ ᠡᠳᠦᠷ ᠢ ᠬᠦᠷᠲᠡᠯ᠎ᠡ ᠲᠠᠪᠤᠨ ᠵᠢᠯ ᠦᠨ ᠬᠤᠭᠤᠴᠠᠭ᠎ᠠ ᠪᠠᠷ ᠬᠣᠷᠢᠭᠯᠠᠵᠠᠢ᠃ ᠠᠩᠬ᠎ᠠ 2015 ᠣᠨ ᠳᠤ ᠲᠤᠰ ᠤᠷᠭᠤᠮᠠᠯ ᠢ ᠲᠡᠭᠦᠵᠦ ᠪᠡᠯᠡᠳᠬᠡᠬᠦ᠂ ᠭᠠᠳᠠᠭᠠᠳᠤ ᠤᠯᠤᠰ ᠲᠤ ᠭᠠᠷᠭᠠᠬᠤ ᠶᠢ ᠲᠠᠪᠤᠨ ᠵᠢᠯ ᠢᠶᠡᠷ ᠬᠣᠷᠢᠭᠯᠠᠭᠰᠠᠨ ᠰᠢᠢᠳᠪᠦᠷᠢ ᠭᠠᠷᠴᠤ ᠪᠠᠶᠢᠭᠰᠠᠨ᠃ ᠭᠡᠪᠡᠴᠦ ᠬᠤᠷᠢᠭᠯᠠᠬᠤ ᠰᠢᠢᠳᠪᠦᠷᠢ ᠭᠠᠷᠬᠤ ᠠᠴᠠ ᠡᠮᠦᠨ᠎ᠡ ᠠᠵᠤ ᠠᠬᠤᠢ ᠶᠢᠨ ᠨᠢᠭᠡᠴᠡ᠂ ᠪᠠᠶᠢᠭᠤᠯᠤᠯᠭ᠎ᠠ ᠨᠤᠭᠤᠳ ᠳᠡᠷᠪᠡᠭᠡᠷ ᠵᠢᠷᠪᠡᠭᠡᠷᠦ ᠶᠢ ᠶᠡᠬᠡ ᠪᠡᠷ ᠲᠡᠭᠦᠵᠦ ᠨᠥᠭᠡᠴᠡᠯᠡᠭᠰᠡᠨ ᠤᠴᠢᠷ ᠠᠴᠠ ᠡᠳ᠋ ᠦᠨ ᠵᠠᠰᠠᠭ ᠤᠨ ᠡᠷᠭᠢᠯᠲᠡ ᠳᠦ ᠤᠷᠤᠭᠤᠯᠬᠤ ᠠᠰᠠᠭᠤᠳᠠᠯ ᠢ ᠰᠢᠢᠳᠪᠦᠷᠢᠯᠡᠵᠦ ᠥᠭᠬᠦ ᠬᠦᠰᠡᠯᠲᠡ ᠶᠢ ᠰᠠᠯᠪᠤᠷᠢ ᠶᠢᠨ ᠶᠠᠮᠤᠨ ᠳᠤ ᠢᠷᠡᠭᠦᠯᠬᠦ ᠪᠣᠯᠤᠭᠰᠠᠨ ᠪᠠᠶᠢᠨ᠎ᠠ᠃ ᠤᠯᠠᠮ ᠢᠶᠠᠷ ᠬᠣᠶᠠᠷ ᠵᠢᠯ ᠦᠨ ᠬᠤᠭᠤᠴᠠᠭ᠎ᠠ ᠲᠠᠢ ᠲᠡᠭᠦᠵᠦ ᠪᠡᠯᠡᠳᠬᠡᠬᠦ ᠠᠰᠠᠭᠤᠳᠠᠯ ᠢ ᠰᠢᠢᠳᠪᠦᠷᠢᠯᠡᠭᠡᠳ᠂ ᠪᠤᠴᠠᠭᠠᠨ ᠲᠠᠪᠤᠨ ᠵᠢᠯ ᠦᠨ ᠬᠤᠭᠤᠴᠠᠭ᠎ᠠ ᠲᠠᠢ ᠲᠦᠷ ᠬᠣᠷᠢᠭᠯᠠᠵᠠᠢ᠃

ᠰᠡᠳᠬᠢᠭᠳᠡᠯ ᠦᠯᠡᠳᠡᠭᠡᠬᠦ