ᠪᠣᠺᠰ ᠣᠯᠢᠮᠫ ᠤᠨ ᠬᠥᠲᠥᠯᠪᠦᠷᠢ ᠳᠦ ᠦᠯᠡᠳᠡᠯ᠎ᠡ  | News.MN

ᠪᠣᠺᠰ ᠣᠯᠢᠮᠫ ᠤᠨ ᠬᠥᠲᠥᠯᠪᠦᠷᠢ ᠳᠦ ᠦᠯᠡᠳᠡᠯ᠎ᠡ 

ᠣᠯᠠᠨ ᠤᠯᠤᠰ ᠤᠨ ᠣᠯᠢᠮᠫ ᠤᠨ ᠬᠣᠷᠢᠶᠠᠨ ᠤ ᠭᠦᠢᠴᠡᠳᠭᠡᠬᠦ ᠵᠥᠪᠯᠡᠯ ᠥᠴᠥᠭᠡᠳᠦᠷ ᠬᠤᠷᠠᠯᠳᠤᠵᠤ᠂ ᠳᠠᠷᠠᠭᠠᠬᠢ ᠰᠢᠢᠳᠪᠦᠷᠢ ᠨᠦᠭᠦᠳ ᠢ ᠭᠠᠷᠭᠠᠵᠠᠢ᠃ ᠠᠪᠯᠢᠭ᠎ᠠ ᠬᠡᠭᠡᠯᠢ ᠬᠠᠬᠤᠤᠯᠢ ᠳᠤ ᠢᠳᠡᠭᠳᠡᠭᠰᠡᠨ ᠬᠣᠯᠪᠣᠭᠠᠨ ᠠᠴᠠ ᠪᠠᠨ ᠪᠣᠯᠵᠤ ᠪᠣᠺᠰ ᠤᠨ ᠰᠫᠣᠷᠲ ᠣᠯᠢᠮᠫ ᠤᠨ ᠬᠥᠲᠥᠯᠪᠦᠷᠢ ᠡᠴᠡ ᠬᠠᠰᠤᠭᠳᠠᠬᠤ ᠳᠤ ᠪᠠᠨ ᠲᠤᠯᠤᠭᠠᠳ ᠪᠠᠶᠢᠭᠰᠠᠨ᠃ ᠲᠡᠭᠡᠪᠡᠯ ᠲᠠᠮᠢᠷᠴᠢᠳ᠂ ᠳᠠᠰᠬᠠᠯᠵᠢᠭᠤᠯᠤᠭᠴᠢᠳ ᠤᠨ ᠬᠥᠳᠡᠯᠮᠦᠷᠢ ᠶᠢ ᠬᠦᠨᠳᠦᠳᠬᠡᠨ ᠪᠣᠺᠰ ᠤᠨ ᠰᠫᠣᠷᠲ ᠢ ︽ ᠲᠤᠤᠺᠢᠤ᠋ 2020 ︾ ᠣᠯᠢᠮᠫ ᠤᠨ ᠬᠥᠲᠥᠯᠪᠦᠷᠢ ᠳᠦ ᠬᠡᠪ ᠢᠶᠡᠷ ᠦᠯᠡᠳᠡᠭᠡᠭᠰᠡᠨ ᠪᠠᠶᠢᠨ᠎ᠠ᠃ ᠬᠠᠷᠢᠨ ᠲᠠᠮᠢᠷᠴᠢᠳ ᠤᠨ ᠢᠶᠠᠨ ᠬᠥᠯᠥᠰᠥ ᠬᠦᠴᠦ ᠶᠢ ᠦᠨ᠎ᠡ ᠦᠭᠡᠶᠢᠳᠡᠭᠦᠯᠵᠤ᠂  ᠮᠥᠩᠭᠥ ᠤᠯᠬᠤ ᠬᠡᠷᠡᠭᠰᠡᠯ ᠪᠣᠯᠭᠠᠵᠤ ᠪᠠᠶᠢᠭᠰᠠᠨ ᠤᠳᠤᠷᠢᠳᠤᠯᠭ᠎ᠠ   ᠲᠠᠢ ᠣᠯᠠᠨ ᠤᠯᠤᠰ ᠤᠨ ᠪᠣᠺᠰ ᠤᠨ ᠬᠣᠯᠪᠣᠭ᠎ᠠ ᠪᠤᠶᠤ AIBA ᠢ ᠤᠯᠠᠨ ᠤᠯᠤᠰ ᠤᠨ ᠤᠯᠢᠮᠫ ᠤᠨ ᠬᠤᠯᠪᠤᠭᠠᠨ ᠤ ᠭᠡᠰᠢᠭᠦᠨᠴᠢᠯᠡᠯ ᠡᠴᠡ ᠬᠠᠰᠤᠵᠠᠢ᠃ ᠲᠡᠶᠢᠮᠦ ᠡᠴᠡ ᠲᠤᠤᠺᠢᠤ᠋ 2020 ᠣᠯᠢᠮᠫ ᠤᠨ ᠨᠠᠭᠠᠳᠤᠮ ᠤᠨ ᠪᠣᠺᠰ ᠤᠨ ᠲᠡᠮᠡᠴᠡᠭᠡᠨ ᠢ ᠤᠯᠠᠨ ᠤᠯᠤᠰ ᠤᠨ ᠤᠯᠢᠮᠫ ᠤᠨ ᠬᠤᠯᠪᠤᠭᠠᠨ ᠍ ᠤ ᠰᠣᠩᠭᠣᠭᠰᠠᠨ ᠠᠯᠢ ᠨᠢᠭᠡ ᠬᠣᠯᠪᠣᠭ᠎ᠠ ᠵᠣᠬᠢᠶᠠᠨ ᠪᠠᠶᠢᠭᠤᠯᠬᠤ ᠪᠠᠷ ᠪᠣᠯᠵᠤ ᠪᠠᠶᠢᠨ᠎ᠠ᠃

ᠰᠡᠳᠬᠢᠭᠳᠡᠯ ᠦᠯᠡᠳᠡᠭᠡᠬᠦ