ᠮᠣᠩᠭᠣᠯ ᠤᠨ ᠷᠠᠭᠪᠢᠴᠢᠳ ᠧᠦ᠋ᠷᠣᠫᠠ ᠶᠢᠨ ᠲᠣᠭᠯᠠᠭᠴᠢᠳ ᠢ ᠬᠣᠵᠢᠪᠠ  | News.MN

ᠮᠣᠩᠭᠣᠯ ᠤᠨ ᠷᠠᠭᠪᠢᠴᠢᠳ ᠧᠦ᠋ᠷᠣᠫᠠ ᠶᠢᠨ ᠲᠣᠭᠯᠠᠭᠴᠢᠳ ᠢ ᠬᠣᠵᠢᠪᠠ 

ᠮᠣᠩᠭᠣᠯ ᠤᠨ ᠷᠠᠭᠪᠢ ᠶᠢᠨ ᠬᠣᠯᠪᠣᠭ᠎ᠠ ᠪᠣᠯᠤᠨ ᠪᠡᠭᠡᠵᠢᠩ ᠦᠨ ᠷᠠᠭᠪᠢ ᠶᠢᠨ ᠬᠣᠯᠪᠣᠭᠠᠨ ᠤ ᠬᠠᠮᠲᠤ ᠶᠢᠨ ᠠᠵᠢᠯᠯᠠᠭᠠᠨ ᠤ ᠬᠦᠷᠢᠶᠡᠨ ᠳᠦ ︽ᠴᠠᠭᠠᠨ ᠬᠡᠷᠡᠮ︾ ᠨᠥᠬᠥᠷᠰᠡᠭ ᠠᠶᠠᠯᠠᠨ ᠲᠣᠭᠯᠠᠯᠲᠠ ᠥᠩᠭᠡᠷᠡᠭᠴᠢ ᠳᠣᠯᠣᠭ᠎ᠠ ᠬᠣᠨᠣᠭ ᠲᠤ ᠤᠷᠳᠤ ᠬᠥᠷᠰᠢ ᠳᠦ ᠪᠣᠯᠪᠠ᠃ ᠪᠡᠭᠡᠵᠢᠩ ᠬᠤᠲᠠ ᠳᠤ ᠪᠣᠯᠤᠭᠰᠠᠨ ᠲᠤᠭᠯᠠᠯᠲᠠ ᠳᠤ ᠭ∙ᠬᠣᠣᠰᠪᠠᠶᠠᠷ ᠳᠠᠰᠬᠠᠯᠵᠢᠭᠤᠯᠤᠭᠴᠢ ᠲᠠᠢ᠂ ᠪ∙ᠰᠣᠯᠣᠩᠭᠠᠲᠤᠶᠠᠭ᠎ᠠ ᠠᠬᠠᠯᠠᠭᠴᠢ ᠲᠠᠢ ︽ᠬᠥᠬᠡ ᠲᠣᠯᠪᠣᠲᠤ ᠳᠠᠶᠢᠴᠢᠳ︾ ᠺᠯᠦ᠋ᠪ ᠣᠷᠣᠯᠴᠠᠵᠤ᠂ ᠨᠢᠭᠡ ᠬᠣᠵᠢᠵᠤ᠂ ᠬᠣᠶᠠᠷ ᠬᠣᠵᠢᠭᠳᠠᠯ ᠠᠪᠴᠠᠢ᠃
︽ᠴᠠᠭᠠᠨ ᠬᠡᠷᠡᠮ︾ ᠲᠤᠭᠯᠠᠯᠲᠠ ᠳᠤ ᠪᠡᠭᠡᠵᠢᠩ ᠦᠨ ᠷᠠᠭᠪᠢ ᠶᠢᠨ ᠬᠣᠯᠪᠣᠭᠠᠨ ᠤ ᠰᠢᠭᠰᠢᠭᠡ᠂ ᠶᠡᠬᠡ ᠰᠤᠷᠭᠠᠭᠤᠯᠢ ᠶᠢᠨ ᠰᠢᠭᠰᠢᠭᠡ ︽ᠨᠦᠩ ᠳ᠋ᠠ︾᠂ Beijing United᠂ ᠮᠣᠩᠭᠣᠯ ᠤᠨ  ︽ᠬᠥᠬᠡ ᠲᠣᠯᠪᠣᠲᠤ ᠳᠠᠶᠢᠴᠢᠳ︾ ᠪᠠᠭ ᠤᠳ ᠣᠷᠣᠯᠴᠠᠭᠰᠠᠨ ᠪᠠᠶᠢᠨ᠎ᠠ᠃ ᠮᠣᠩᠭᠣᠯ ᠤᠨ ᠪᠠᠭ ᠪᠡᠭᠡᠵᠢᠩ ᠳ᠋ᠡᠬᠢ ᠧᠦ᠋ᠷᠣᠫᠠ ᠲᠣᠭᠯᠠᠭᠴᠢᠳ ᠠᠴᠠ ᠪᠦᠷᠢᠳᠦᠭᠰᠡᠨ Beijing United ᠪᠠᠭ ᠢ 24᠄12 ᠣᠨᠣᠭ᠎ᠠ ᠪᠠᠷ ᠬᠣᠵᠢᠵᠠᠢ᠃ ᠮᠠᠨ ᠤ ᠲᠠᠮᠢᠷᠴᠢᠳ ᠢ ᠢᠷᠡᠬᠦ ᠨᠠᠮᠤᠷ ᠣᠯᠠᠨ ᠤᠯᠤᠰ ᠤᠨ ᠲᠡᠮᠡᠴᠡᠭᠡᠨ ᠬᠦᠯᠢᠶᠡᠵᠦ ᠪᠠᠶᠢᠨ᠎ᠠ᠃

ᠰᠡᠳᠬᠢᠭᠳᠡᠯ ᠦᠯᠡᠳᠡᠭᠡᠬᠦ