ᠰᠢᠷᠠᠯᠠᠬᠤ ᠠᠴᠠ ᠨᠢ ᠠᠮᠵᠢᠵᠤ ᠴᠡᠴᠡᠭᠡᠨ ᠳᠤᠮᠳᠠ 《ᠡᠷᠬᠢᠯᠡᠭᠡᠷᠡᠢ》 | News.MN

ᠰᠢᠷᠠᠯᠠᠬᠤ ᠠᠴᠠ ᠨᠢ ᠠᠮᠵᠢᠵᠤ ᠴᠡᠴᠡᠭᠡᠨ ᠳᠤᠮᠳᠠ 《ᠡᠷᠬᠢᠯᠡᠭᠡᠷᠡᠢ》

ᠮᠣᠩᠭᠣᠯ ᠤᠨ ᠤᠷᠠᠴᠤᠳ ᠤᠨ ᠡᠪᠯᠡᠯ ᠦᠨ ᠦᠵᠡᠰᠬᠦᠯᠡᠩ ᠦᠨ ᠲᠠᠩᠬᠢᠮ ᠤᠨ ᠬᠠᠨᠠᠨ ᠳᠤ ᠳᠡᠯᠪᠢ ᠪᠦᠷᠢ ᠶᠢ ᠨᠢ ᠬᠤᠷᠤᠭᠤ ᠪᠠᠷ ᠢᠮᠡᠷᠴᠢ ᠪᠣᠯᠬᠣᠷ ᠥᠩᠭᠡ ᠥᠩᠭᠡ ᠶᠢᠨ ᠴᠡᠴᠡᠭᠡᠰ ᠠᠯᠠᠭᠯᠠᠵᠤ ᠪᠠᠶᠢᠨ᠎ᠠ᠃ ᠤᠴᠢᠷ ᠨᠢ ᠲᠤᠰ ᠲᠠᠩᠬᠢᠮ ᠳᠤ БНСУ ᠪᠣᠯᠤᠨ ᠮᠣᠩᠭᠣᠯ ᠤᠨ ᠤᠷᠠᠴᠤᠳ ᠤᠨ ᠡᠪᠯᠡᠯ ᠦᠨ ᠤᠷᠠᠨ ᠪᠦᠲᠦᠭᠡᠯᠴᠢᠳ ᠦᠨ ᠬᠠᠮᠲᠤᠷᠠᠭᠰᠠᠨ ᠦᠵᠡᠰᠬᠦᠯᠡᠩ ᠭᠠᠷᠴᠤ ᠪᠠᠶᠢᠭ᠎ᠠ ᠶᠤᠮ᠃ ᠦᠵᠡᠰᠬᠦᠯᠡᠩ ᠳᠦ БНСУ ᠍ ᠤᠨ ᠤᠷᠠᠴᠤᠳ ᠤᠨ ᠡᠪᠯᠡᠯ ᠡᠴᠡ ᠰᠣᠩᠭᠣᠭᠰᠠᠨ ᠰᠢᠯᠢᠳᠡᠭ 70 ᠭᠠᠷᠤᠢ ᠵᠢᠷᠤᠭᠠᠴᠢ ᠶᠢᠨ 76 ᠪᠦᠲᠦᠭᠡᠯ ᠳᠡᠯᠭᠡᠭᠳᠡᠵᠦ ᠪᠠᠶᠢᠭ᠎ᠠ ᠪᠣᠯ ᠲᠠᠩᠬᠢᠮ ᠤᠨ ᠲᠠᠯᠠᠪᠠᠢ ᠬᠦᠷᠦᠯᠴᠡᠭᠡ ᠦᠭᠡᠢ ᠡᠴᠡ ᠰᠢᠯᠲᠠᠭᠠᠯᠠᠨ ᠮᠣᠩᠭᠣᠯ ᠠᠴᠠ ᠠ᠊ ∙ ᠪᠠᠶᠠᠷᠮᠠᠩᠨᠠᠢ᠂ ᠣ᠊ ∙ ᠡᠩᠬᠡᠲᠠᠶᠢᠪᠤᠩ᠂ ᠰ ∙ ᠪᠠᠲᠤᠴᠢᠯᠠᠭᠤᠨ᠂ ᠨ ∙ ᠠᠯᠲᠠᠨᠴᠡᠴᠡᠭ ᠵᠡᠷᠭᠡ ᠵᠢᠷᠤᠭᠠᠴᠢ ᠶᠢᠨ ᠪᠦᠲᠦᠭᠡᠯ ᠢᠶᠡᠷ ᠦᠵᠡᠭᠴᠢᠳ ᠦᠨ ᠮᠡᠯᠮᠡᠢ ᠶᠢ ᠮᠢᠯᠢᠶᠠᠬᠤ ᠪᠠᠷ ᠲᠠᠯᠪᠢᠵᠠᠢ᠃ БНСУ ᠍ ᠤᠨ ᠵᠢᠷᠤᠭᠠᠴᠢᠳ ᠤᠨ ᠪᠦᠲᠦᠭᠡᠯ ᠦᠨ ᠣᠨᠴᠠᠯᠢᠭ ᠨᠢ ᠲᠥᠷᠦᠯ ᠪᠦᠷᠢ ᠶᠢᠨ ᠴᠡᠴᠡᠭ ᠪᠣᠯᠤᠨ ᠡᠪᠦᠯ᠂ ᠴᠠᠰᠤ ᠳᠦᠷᠰᠦᠯᠡᠭᠰᠡᠨ ᠪᠠᠶᠢᠯ᠎ᠠ᠃ ᠦᠵᠡᠰᠬᠦᠯᠡᠩ ᠡᠨᠡ ᠰᠠᠷ᠎ᠠ ᠶᠢᠨ 15 ᠍ ᠨ ᠢ ᠬᠦᠷᠲᠡᠯ᠎ᠡ ᠦᠷᠭᠦᠯᠵᠢᠯᠡᠬᠦ ᠠᠵᠡᠢ᠃ ᠲᠡᠶᠢᠮᠦ ᠡᠴᠡ ᠲᠤᠰ ᠴᠡᠴᠡᠭᠡᠰ ᠢ 〈ᠰᠢᠷᠠᠯᠠᠬᠤ ᠠᠴᠠ〉 ᠨᠢ ᠡᠮᠦᠨ᠎ᠡ ᠠᠮᠵᠢᠵᠤ ᠦᠵᠡᠰᠬᠦᠯᠡᠩ ᠳᠦ ᠰᠠᠭᠠᠳᠠᠵᠤ᠂ ᠴᠡᠴᠡᠭᠡᠨ ᠳᠤᠮᠳᠠ 〈ᠡᠷᠬᠢᠯᠡᠭᠡᠷᠡᠢ〉᠃

ᠰᠡᠳᠬᠢᠭᠳᠡᠯ ᠦᠯᠡᠳᠡᠭᠡᠬᠦ