︽ᠸᠴᠢᠷᠪᠠᠨᠢ ᠶᠢᠨ ᠶᠡᠬᠡ ᠡᠭᠡᠰᠢᠭᠯᠡᠨ︾ ᠳᠦ ᠦᠷᠢᠰᠦᠯᠳᠦᠬᠦ ᠨᠠᠶᠢᠷᠠᠭᠴᠢᠳ ᠲᠣᠳᠣᠷᠠᠵᠠᠢ  | News.MN

 ︽ᠸᠴᠢᠷᠪᠠᠨᠢ ᠶᠢᠨ ᠶᠡᠬᠡ ᠡᠭᠡᠰᠢᠭᠯᠡᠨ︾ ᠳᠦ ᠦᠷᠢᠰᠦᠯᠳᠦᠬᠦ ᠨᠠᠶᠢᠷᠠᠭᠴᠢᠳ ᠲᠣᠳᠣᠷᠠᠵᠠᠢ 

ᠳᠣᠷᠣᠨ᠎ᠠ ᠶᠢᠨ ᠶᠡᠬᠡ ᠢᠷᠠᠭᠤ ᠨᠠᠶᠢᠷᠠᠭᠴᠢ᠂ ᠤᠷᠠᠯᠢᠭ ᠤᠨ ᠭᠠᠪᠢᠶᠠᠲᠤ ᠵᠢᠳᠬᠦᠯᠲᠡᠨ ᠪ∙ᠶᠠᠪᠤᠭᠤᠬᠤᠯᠠᠩ  ᠤᠨ ᠮᠡᠨᠳᠦᠯᠡᠭᠰᠡᠨ ᠦ 90 ᠵᠢᠯ ᠦᠨ ᠣᠢ ᠳᠤ ᠵᠣᠷᠢᠭᠤᠯᠤᠭᠰᠠᠨ ︽ᠸᠴᠢᠷᠪᠠᠨᠢ ᠶᠢᠨ ᠶᠡᠬᠡ ᠡᠭᠡᠰᠢᠭᠯᠡᠨ︾ ᠢᠷᠠᠭᠤ ᠨᠠᠶᠢᠷᠠᠭ ᠤᠨ ᠨᠠᠭᠠᠳᠤᠮ ᠢᠷᠡᠬᠦ ᠵᠢᠷᠭᠤᠳᠤᠭᠠᠷ ᠰᠠᠷ᠎ᠠ ᠶᠢᠨ 6᠂ 7 ᠍ ᠤ ᠡᠳᠦᠷ ᠦᠳ ᠲᠦ ᠵᠠᠪᠬᠠᠨ ᠠᠶᠢᠮᠠᠭ ᠤᠨ ᠲᠥᠪ ᠤᠯᠢᠶᠠᠰᠤᠲᠠᠢ ᠳᠤ ᠪᠣᠯᠤᠨ᠎ᠠ᠃  ︽ᠸᠴᠢᠷᠪᠠᠨᠢ ᠶᠢᠨ ᠶᠡᠬᠡ ᠡᠭᠡᠰᠢᠭᠯᠡᠨ︾ ᠢᠷᠠᠭᠤ ᠨᠠᠶᠢᠷᠠᠭ ᠤᠨ ᠨᠠᠭᠠᠳᠤᠮ ᠲᠠᠪᠤᠨ ᠵᠢᠯ ᠳᠦ ᠨᠢᠭᠡ ᠤᠳᠠᠭ᠎ᠠ ᠪᠣᠯᠳᠠᠭ ᠪᠥᠭᠡᠳ ᠰᠢᠯᠦᠭ ᠢᠶᠡᠨ ᠤᠩᠰᠢᠬᠤ ᠪᠠᠷ 100 ᠭᠠᠷᠤᠢ ᠨᠠᠶᠢᠷᠠᠭᠴᠢᠳ ᠪᠦᠲᠦᠭᠡᠯ ᠢᠶᠡᠨ ᠢᠷᠡᠭᠦᠯᠦᠭᠰᠡᠨ ᠴᠤ ᠰᠡᠭᠦᠯ ᠦᠨ ᠱᠠᠲᠤᠨ ᠳᠤ 36 ᠨᠠᠶᠢᠷᠠᠭᠴᠢ ᠦᠯᠡᠳᠡᠭᠰᠡᠨ ᠪᠠᠶᠢᠨ᠎ᠠ᠃ ᠡᠨᠡ ᠵᠢᠯ ᠦᠨ ᠨᠠᠭᠠᠳᠤᠮ ᠳᠤ ᠰᠢᠯᠦᠭ ᠢᠶᠡᠨ ᠤᠩᠰᠢᠬᠤ ᠨᠠᠶᠢᠷᠠᠭᠴᠢᠳ ᠰᠡᠭᠦᠯ ᠦᠨ ᠲᠠᠪᠤᠨ ᠵᠢᠯ ᠳᠦ ᠭᠠᠷᠭᠠᠭᠰᠠᠨ ᠨᠤᠮ ᠠᠴᠠ ᠪᠠᠨ ᠭᠤᠷᠪᠠ ᠠᠴᠠ ᠳᠡᠭᠡᠭᠰᠢ ᠲᠣᠭᠠᠨ ᠤ ᠰᠢᠯᠦᠭ ᠢᠶᠡᠷ ᠢᠶᠡᠨ ᠥᠷᠢᠰᠥᠯᠳᠥᠬᠦ ᠶᠤᠮ ᠪᠠᠶᠢᠨ᠎ᠠ᠃
︽ᠸᠴᠢᠷᠪᠠᠨᠢ ᠶᠢᠨ ᠶᠡᠬᠡ ᠡᠭᠡᠰᠢᠭᠯᠡᠨ-2019︾ ᠨᠠᠭᠠᠳᠤᠮ ᠳᠤ ᠤᠷᠤᠯᠴᠠᠬᠤ ᠨᠠᠶᠢᠷᠠᠭᠴᠢᠳ ᠤᠨ ᠨᠡᠷᠡᠰ ᠢ ᠮᠣᠩᠭᠣᠯ ᠤᠨ ᠵᠣᠬᠢᠶᠠᠯᠴᠢᠳ ᠤᠨ ᠡᠪᠯᠡᠯ ᠡᠴᠡ ᠣᠯᠠᠨ ᠨᠡᠶᠢᠲᠡ ᠳᠦ ᠬᠦᠷᠭᠡᠵᠡᠢ᠃ ᠡᠭᠦᠨ ᠳᠦ᠄
ᠦᠪᠦᠷ ᠮᠤᠩᠭᠤᠯ  ᠤᠨ ᠨ᠂ ᠠᠯᠲᠠᠨ᠋ᠠ᠋ᠭᠤᠯᠠ᠂ ᠨ᠂ ᠤᠷᠠᠨ᠂ ᠬᠦᠬᠡᠨᠠᠭᠤᠷ ᠤᠨ ᠪᠦᠷᠭᠦᠳ ᠮᠤᠩᠭᠤᠯ ᠤᠨ ᠭᠤᠴᠢᠨ ᠭᠤᠷᠪᠠᠨ ᠢᠷᠠᠭᠤ ᠨᠠᠶᠢᠷᠠᠭᠴᠢ ᠲᠠᠢ ᠬᠠᠮᠲᠤ ᠰᠢᠢᠳᠪᠤᠷᠢᠲᠦ ᠲᠡᠮᠡᠴᠡᠭᠡᠨ ᠳᠦ ᠦᠷᠢᠰᠦᠯᠳᠦᠬᠦ ᠶᠤᠮ ᠪᠠᠶᠢᠨ᠎ᠠ ᠃

ᠰᠡᠳᠬᠢᠭᠳᠡᠯ ᠦᠯᠡᠳᠡᠭᠡᠬᠦ