ᠠᠮᠧᠷᠢᠺᠠ ᠶᠢᠨ ᠠᠯᠳᠠᠷᠲᠤ Nickelodeon ᠲᠸᠯᠸᠢᠰ ᠦᠨ ᠢᠨᠢᠶᠡᠳᠦᠮ ᠦᠨ ᠱᠤᠸᠤ᠋ ᠳᠤ ᠮᠣᠩᠭᠣᠯ ᠬᠦᠦ ᠲᠡᠩᠴᠡᠵᠦ᠂ ᠠᠯᠪᠠᠨ ᠶᠣᠰᠣᠨ ᠤ ᠵᠦᠴᠦᠭᠡᠴᠢᠨ ᠢᠶᠡᠷ ᠠᠵᠢᠯᠯᠠᠬᠤ ᠪᠠᠷ ᠪᠣᠯᠵᠠᠢ᠃ ᠲᠤᠰ ᠲᠸᠯᠸᠢᠰ ᠦᠨ ᠤᠷᠠᠨ ᠪᠦᠲᠦᠭᠡᠯᠴᠢᠳ 1994-2005 ᠣᠨ ᠳᠤ Saturday Night Live ᠍ ᠢᠶᠠᠷ ᠢᠶᠠᠨ 10 ᠤᠯᠠᠷᠢᠯ ᠲᠠᠰᠤᠷᠠᠯᠲᠠ ᠦᠭᠡᠢ ᠦᠵᠡᠭᠦᠯᠵᠦ ᠢᠷᠡᠭᠰᠡᠨ All that ᠢᠨᠢᠶᠡᠳᠦᠮ ᠦᠨ ᠱᠤᠸᠤ᠋ ᠪᠠᠨ ᠡᠷᠭᠢᠨ ᠰᠡᠷᠭᠦᠭᠡᠵᠦ ᠪᠠᠶᠢᠭ᠎ᠠ ᠪᠠᠨ ᠵᠠᠷᠯᠠᠭᠰᠠᠨ ᠪᠠᠶᠢᠨ᠎ᠠ᠃
ᠳᠡᠯᠡᠬᠡᠢ ᠶᠢᠨ ᠠᠯᠳᠠᠷᠲᠠᠢ ᠤᠭ ᠱᠤᠸᠤ᠋ ᠳᠤ ᠵᠦᠴᠦᠭᠡᠴᠢᠨ ᠢᠶᠡᠷ ᠰᠢᠯᠭᠠᠭᠤᠯᠬᠤ ᠪᠠᠷ 12-15 ᠨᠠᠰᠤᠨ ᠤ 20 ᠮᠢᠩᠭᠠᠨ ᠬᠡᠦᠬᠡᠳ ᠥᠷᠢᠰᠦᠯᠳᠦᠭᠰᠡᠨ ᠡᠴᠡ ᠴᠢᠺᠠᠭᠤ᠋ ᠬᠤᠲᠠ ᠳᠤ ᠠᠮᠢᠳᠤᠷᠠᠳᠠᠭ ᠰ᠂ ᠴᠡᠩᠭᠡᠭᠦᠨ ᠭᠡᠳᠡᠭ ᠮᠣᠩᠭᠣᠯ ᠬᠦᠦ ᠲᠡᠩᠴᠡᠵᠡᠢ᠃ ᠲᠡᠷᠡᠪᠡᠷ ᠵᠥᠪᠬᠡᠨ ᠮᠣᠩᠭᠣᠯ ᠲᠡᠳᠦᠢ ᠦᠭᠡᠢ ᠠᠽᠢ ᠲᠢᠪ ᠤᠨ ᠲᠥᠯᠥᠭᠡᠯᠡᠯ ᠪᠣᠯᠵᠤ All That ᠱᠤᠸᠤ᠋ ᠳᠤ ᠨᠢᠭᠡᠳᠴᠦ ᠪᠠᠶᠢᠨ᠎ᠠ᠃ ᠱᠤᠸᠤ᠋ ᠶᠢᠨ ᠡᠬᠢᠨ ᠦ ᠳ᠋ᠤᠭᠠᠷ ᠵᠢᠷᠭᠤᠳᠤᠭᠠᠷ ᠰᠠᠷ᠎ᠠ ᠶᠢᠨ 15 ᠍ ᠳᠦ ᠭᠠᠷᠬᠤ ᠶᠤᠮ ᠪᠠᠶᠢᠨ᠎ᠠ᠃