︽ᠳᠣᠮᠣᠭᠲᠤ ᠪᠠᠭᠠᠲᠤᠷ ᠳᠠᠨᠳᠠᠷ︾ ᠨᠣᠮ ᠤᠨ ᠨᠡᠭᠡᠭᠡᠯᠲᠡ ᠪᠣᠯᠤᠯ᠎ᠠ  | News.MN

 ︽ᠳᠣᠮᠣᠭᠲᠤ ᠪᠠᠭᠠᠲᠤᠷ ᠳᠠᠨᠳᠠᠷ︾ ᠨᠣᠮ ᠤᠨ ᠨᠡᠭᠡᠭᠡᠯᠲᠡ ᠪᠣᠯᠤᠯ᠎ᠠ 

ᠬᠠᠯᠬ᠎ᠠ ᠶᠢᠨ ᠭᠣᠣᠯ ᠤᠨ ᠳᠠᠶᠢᠨ ᠤ ᠰᠢᠢᠳᠪᠦᠷᠢᠯᠡᠬᠦ ᠲᠤᠯᠤᠯᠳᠤᠭᠠᠨ ᠳᠤ ᠣᠨᠴᠠᠭᠠᠢ ᠭᠠᠪᠢᠶ᠎ᠠ ᠪᠠᠶᠢᠭᠤᠯᠤᠭᠰᠠᠨ ᠮᠣᠩᠭᠣᠯ ᠠᠷᠠᠳ ᠤᠨ ᠬᠤᠪᠢᠰᠬᠠᠯᠲᠤ ᠴᠡᠷᠢᠭ ᠦᠨ ᠵᠢᠷᠭᠤᠳᠤᠭᠠᠷ ᠮᠣᠷᠢᠲᠤ ᠳ᠋ᠢᠸᠢᠽᠢ ᠶᠢᠨ ᠳᠠᠷᠤᠭ᠎ᠠ ᠪᠦᠭᠦᠳᠡ ᠨᠠᠶᠢᠷᠠᠮᠳᠠᠬᠤ ᠮᠤᠩᠭᠤᠯ ᠠᠷᠠᠳ ᠤᠯᠤᠰ ᠍ ᠤᠨ ︽ᠭᠠᠷᠮᠠᠭᠠᠢ ᠪᠠᠭᠠᠲᠤᠷ︾ ᠯᠤᠳᠤᠨ ᠤ ᠳᠠᠨᠳᠠᠷ ᠤᠨ ᠡᠷᠡᠯᠬᠡᠭ ᠭᠠᠪᠢᠶ᠎ᠠ᠂ ᠠᠮᠢᠳᠤᠷᠠᠯ ᠲᠡᠮᠡᠴᠡᠯ ᠢ ᠦᠭᠦᠯᠡᠭᠰᠡᠨ ︽ᠳᠣᠮᠣᠭᠲᠤ ᠪᠠᠭᠠᠲᠤᠷ ᠳᠠᠨᠳᠠᠷ︾ ᠨᠣᠮ ᠤᠨ ᠨᠡᠭᠡᠭᠡᠯᠲᠡ ᠥᠨᠥᠳᠥᠷ ᠤᠯᠠᠭᠠᠨᠪᠠᠭᠠᠲᠤᠷ ᠬᠤᠲᠠ ᠳᠤ ᠪᠣᠯᠤᠯ᠎ᠠ᠃
ᠨᠣᠮ ᠢ ᠲᠡᠭᠦᠨ ᠦ ᠵᠢᠭᠡ ᠥᠬᠢᠨ ᠭ∙ᠭᠠᠩᠭᠠᠩᠲᠡᠭᠦᠰ ᠡᠷᠬᠢᠯᠡᠨ ᠬᠡᠪᠯᠡᠭᠦᠯᠦᠭᠰᠡᠨ ᠲᠡᠳᠦᠢ ᠦᠭᠡᠢ  ᠡᠪᠤᠭᠡ ᠶᠢᠨ ᠢᠶᠡᠨ ᠠᠮᠢᠳᠤᠷᠠᠯ ᠲᠡᠮᠡᠴᠡᠯ ᠦᠨ ᠪᠣᠳᠠᠲᠤ ᠦᠨᠡᠨ ᠲᠡᠦᠬᠡ ᠶᠢ ᠪᠠᠭᠲᠠᠭᠠᠬᠤ ᠶᠢ ᠵᠣᠷᠢᠭᠰᠠᠨ ᠪᠠᠶᠢᠨ᠎ᠠ᠃ ᠨᠡᠭᠡᠭᠡᠯᠲᠡ ᠳᠦ ᠠᠷᠠᠳ ᠤᠨ ᠤᠷᠠᠨ ᠵᠣᠬᠢᠶᠠᠯᠴᠢ ᠫ∙ᠪᠠᠳᠢᠷᠴᠢ᠂ ᠮᠣᠩᠭᠣᠯ ᠤᠯᠤᠰ ᠤᠨ ᠰᠤᠶᠤᠯ ᠤᠨ ᠭᠠᠪᠢᠶᠠᠲᠤ ᠵᠢᠳᠬᠦᠯᠲᠡᠨ ᠱ∙ᠭᠦᠷᠦᠪᠠᠽᠠᠷ᠂ ᠮᠣᠩᠭᠣᠯ ᠤᠯᠤᠰ ᠤᠨ ᠰᠤᠶᠤᠯ ᠤᠨ ᠭᠠᠪᠢᠶᠠᠲᠤ ᠵᠢᠳᠬᠦᠯᠲᠡᠨ ᠠᠢ᠂ ᠲᠡᠮᠦᠷᠸᠴᠢᠷ᠂ ᠪᠤᠯᠠᠭᠠᠨ ᠠᠶᠢᠮᠠᠭ ᠤᠨ ᠪᠣᠯᠤᠨ ᠪᠥᠷᠥᠭᠬᠠᠩᠭᠠᠢ ᠰᠤᠮᠤ ᠶᠢᠨ ᠤᠳᠤᠷᠢᠳᠤᠯᠭ᠎ᠠ ᠨᠠᠷ ᠣᠷᠣᠯᠴᠠᠭᠰᠠᠨ ᠠᠴᠠ ᠭᠠᠳᠠᠨ᠎ᠠ ᠯ∙ᠳᠠᠨᠳᠠᠷ ᠤᠨ ᠡᠳ᠋ᠯᠡᠵᠦ ᠬᠡᠷᠡᠭᠯᠡᠵᠦ ᠪᠠᠶᠢᠭᠰᠠᠨ ᠬᠤᠪᠴᠠᠰᠤ᠂ ᠡᠳ᠋ ᠦᠯᠦᠭ ᠦᠨ ᠵᠦᠢᠯᠡᠰ  ᠢ ᠰᠤᠮᠤ ᠶᠢᠨ ᠢᠶᠠᠨ ᠮᠦᠽᠧᠢ ᠡᠴᠡ ᠠᠪᠴᠢᠷᠠᠨ ᠳᠡᠯᠭᠡᠨ ᠦᠵᠡᠭᠦᠯᠵᠡᠢ᠃ ᠤᠭ ᠨᠣᠮ ᠢ ᠤᠯᠠᠭᠠᠨᠪᠠᠭᠠᠲᠤᠷ ᠬᠣᠲᠠ ᠳ᠋ᠡᠬᠢ ᠨᠣᠮ ᠤᠨ ᠳᠡᠯᠭᠡᠭᠦᠷ ᠦᠳ ᠡᠴᠡ ᠬᠤᠳᠠᠯᠳᠤᠨ ᠠᠪᠬᠤ ᠪᠣᠯᠤᠮᠵᠢ ᠲᠠᠢ ᠶᠤᠮ ᠪᠠᠶᠢᠨ᠎ᠠ᠃

ᠰᠡᠳᠬᠢᠭᠳᠡᠯ ᠦᠯᠡᠳᠡᠭᠡᠬᠦ