ᠸᠠᠩ ᠰᠢᠶᠤᠤ ᠬᠤᠩ ᠮᠤᠩᠭᠤᠯ ᠳᠤ ᠠᠶᠢᠯᠴᠢᠯᠠᠯ᠎ᠠ  | News.MN

 ᠸᠠᠩ ᠰᠢᠶᠤᠤ ᠬᠤᠩ ᠮᠤᠩᠭᠤᠯ ᠳᠤ ᠠᠶᠢᠯᠴᠢᠯᠠᠯ᠎ᠠ 

ᠮᠣᠩᠭᠣᠯ ᠤᠯᠤᠰ ᠤᠨ ᠰᠢᠳᠠᠷ ᠰᠠᠶᠢᠳ ᠥ᠊∙ᠡᠩᠬᠡᠲᠦ᠋ᠪᠰᠢᠨ ᠪᠦᠭᠦᠳᠡ ᠨᠠᠶᠢᠷᠠᠮᠳᠠᠬᠤ ᠬᠢᠲᠠᠳ ᠠᠷᠠᠳ ᠤᠯᠤᠰ ᠤᠨ ᠨᠡᠶᠢᠭᠡᠮ ᠢ ᠠᠶᠤᠯ ᠠᠴᠠ ᠬᠠᠮᠠᠭᠠᠯᠠᠬᠤ ᠶᠠᠮᠤᠨ ᠤ ᠲᠡᠷᠢᠭᠦᠨ ᠳᠡᠳ᠋ ᠰᠠᠶᠢᠳ ᠸᠠᠩ ᠰᠢᠶᠤᠤ ᠬᠤᠩ ᠲᠡᠷᠢᠭᠦᠲᠡᠢ ᠲᠥᠯᠥᠭᠡᠯᠡᠭᠴᠢᠳ ᠢ ᠬᠦᠯᠢᠶᠡᠨ ᠠᠪᠴᠤ ᠠᠭᠤᠯᠵᠠᠯ᠎ᠠ᠃ ᠬᠠᠷᠢᠯᠴᠠᠭ᠎ᠠ᠂ ᠬᠠᠮᠲᠤ ᠶᠢᠨ ᠠᠵᠢᠯᠯᠠᠭ᠎ᠠ ᠪᠦᠬᠦ ᠰᠠᠯᠪᠤᠷᠢ ᠳᠤ ᠥᠷᠭᠡᠵᠢᠨ ᠬᠥᠭᠵᠢᠵᠦ᠂ ᠤᠯᠤᠰ ᠲᠥᠷᠥ ᠶᠢᠨ ᠢᠲᠡᠭᠡᠯᠴᠡᠯ᠂ ᠬᠠᠷᠢᠯᠴᠠᠨ ᠣᠶᠢᠯᠠᠭᠠᠯᠴᠠᠯ ᠭᠦᠨᠵᠡᠭᠡᠶᠢᠷᠡᠨ ᠢᠵᠢ ᠪᠦᠷᠢᠨ ᠰᠲᠷᠠᠲ᠋ᠧᠭᠢ ᠶᠢᠨ ᠲᠦᠩᠰᠢᠯᠡᠯ ᠦᠨ ᠬᠠᠷᠢᠯᠴᠠᠭ᠎ᠠ ᠲᠣᠭᠲᠠᠭᠠᠨ ᠬᠥᠭᠵᠢᠭᠦᠯᠵᠦ ᠪᠠᠶᠢᠭ᠎ᠠ ᠳᠤ ᠰᠡᠳᠬᠢᠯ ᠬᠠᠩᠭᠠᠯᠤᠭᠤᠨ ᠪᠠᠶᠢᠭ᠎ᠠ ᠲᠠᠯ᠎ᠠ ᠪᠠᠷ ᠰᠢᠳᠠᠷ ᠰᠠᠶᠢᠳ ᠥ᠊∙ᠡᠩᠬᠡᠲᠦ᠋ᠪᠰᠢᠨ ᠬᠡᠯᠡᠭᠰᠡᠨ ᠶᠤᠮ᠃ ᠮᠥᠨ ᠮᠣᠩᠭᠣᠯ ᠤᠯᠤᠰ ᠤᠨ ︽ᠬᠥᠭᠵᠢᠯ ᠦᠨ ᠵᠠᠮ︾ ᠬᠥᠲᠥᠯᠪᠦᠷᠢ᠂ ᠪᠦᠭᠦᠳᠡ ᠨᠠᠶᠢᠷᠠᠮᠳᠠᠬᠤ ᠬᠢᠲᠠᠳ ᠠᠷᠠᠳ ᠤᠯᠤᠰ ᠤᠨ ︽ᠪᠥᠰᠡ ᠪᠠ ᠵᠠᠮ︾ ᠰᠠᠨᠠᠭᠠᠴᠢᠯᠠᠭ᠎ᠠ ᠶᠢ ᠤᠶᠠᠯᠳᠤᠭᠤᠯᠤᠨ ᠬᠥᠭᠵᠢᠭᠦᠯᠬᠦ ᠨᠢ ᠴᠢᠬᠤᠯᠠ ᠭᠡᠳᠡᠭ ᠢ ᠣᠨᠴᠠᠯᠠᠪᠠ᠃
ᠬᠣᠶᠠᠷ ᠤᠯᠤᠰ ᠢᠯᠠᠩᠭᠤᠶ᠎ᠠ ᠬᠠᠤᠯᠢ ᠰᠠᠬᠢᠭᠤᠯᠬᠤ᠂ ᠠᠶᠤᠯ ᠦᠭᠡᠢ ᠪᠠᠶᠢᠳᠠᠯ ᠤᠨ ᠪᠠᠶᠢᠭᠤᠯᠤᠯᠭ᠎ᠠ ᠬᠣᠭᠣᠷᠣᠨᠳᠣ ᠶᠢᠨ ᠬᠠᠷᠢᠯᠴᠠᠭ᠎ᠠ᠂ ᠬᠠᠮᠲᠤ ᠶᠢᠨ ᠠᠵᠢᠯᠯᠠᠭ᠎ᠠ ᠡᠷᠴᠢᠮᠵᠢᠵᠦ ᠪᠠᠶᠢᠭ᠎ᠠ ᠶᠢ ᠪᠦᠭᠦᠳᠡ ᠨᠠᠶᠢᠷᠠᠮᠳᠠᠬᠤ ᠬᠢᠲᠠᠳ ᠠᠷᠠᠳ ᠤᠯᠤᠰ ᠤᠨ ᠨᠡᠶᠢᠭᠡᠮ ᠢ ᠠᠶᠤᠯ ᠠᠴᠠ ᠬᠠᠮᠠᠭᠠᠯᠠᠬᠤ ᠶᠠᠮᠤᠨ ᠤ ᠲᠡᠷᠢᠭᠦᠨ ᠳᠡᠳ᠋ ᠰᠠᠶᠢᠳ ᠸᠠᠩ  ᠰᠢᠶᠤᠤ ᠬᠤᠩ ᠲᠡᠮᠳᠡᠭᠯᠡᠪᠡ᠃ ᠴᠢᠨᠠᠭᠰᠢᠳᠠ ᠶᠠᠮᠤᠳ ᠤᠨ ᠤᠳᠤᠷᠢᠳᠤᠯᠭ᠎ᠠ ᠨᠠᠷ ᠤᠨ ᠬᠠᠷᠢᠯᠴᠠᠨ ᠠᠶᠢᠯᠴᠢᠯᠠᠯ ᠤᠨ ᠳᠠᠪᠲᠠᠮᠵᠢ ᠶᠢ ᠬᠠᠳᠠᠭᠠᠯᠠᠬᠤ᠂ ᠭᠡᠮᠲᠦ ᠬᠡᠷᠡᠭ ᠲᠡᠢ ᠲᠡᠮᠡᠴᠡᠬᠦ᠂ ᠮᠡᠳᠡᠭᠡᠯᠡᠯ ᠰᠤᠯᠢᠯᠴᠠᠬᠤ᠂ ᠬᠢᠯᠢ ᠣᠷᠴᠢᠮ ᠤᠨ ᠬᠠᠤᠯᠢ ᠰᠠᠬᠢᠭᠤᠯᠬᠤ᠂ ᠠᠶᠤᠯ ᠦᠭᠡᠢ ᠪᠠᠶᠢᠳᠠᠯ ᠤᠨ ᠪᠠᠶᠢᠭᠤᠯᠤᠯᠭ᠎ᠠ ᠬᠣᠭᠣᠷᠣᠨᠳᠣ ᠶᠢᠨ ᠬᠠᠮᠲᠤ ᠶᠢᠨ ᠠᠵᠢᠯᠯᠠᠭ᠎ᠠ ᠶᠢ ᠰᠢᠨ᠎ᠡ ᠲᠦᠪᠰᠢᠨ ᠳᠦ ᠭᠠᠷᠭᠠᠬᠤ ᠶᠢᠨ ᠲᠥᠯᠥᠭᠡ ᠠᠵᠢᠯᠯᠠᠬᠤ ᠪᠠᠨ ᠢᠯᠡᠷᠬᠡᠶᠢᠯᠡᠵᠡᠢ᠃

ᠰᠡᠳᠬᠢᠭᠳᠡᠯ ᠦᠯᠡᠳᠡᠭᠡᠬᠦ