ᠲᠠᠷᠢᠶᠠᠯᠠᠯᠲᠠ 62.8 ᠬᠤᠪᠢ ᠲᠠᠢ ᠪᠠᠶᠢᠨ᠎ᠠ   | News.MN

ᠲᠠᠷᠢᠶᠠᠯᠠᠯᠲᠠ 62.8 ᠬᠤᠪᠢ ᠲᠠᠢ ᠪᠠᠶᠢᠨ᠎ᠠ  

ᠴᠠᠭ ᠠᠭᠠᠷ ᠤᠨ ᠨᠥᠬᠥᠴᠡᠯ ᠪᠠᠶᠢᠳᠠᠯ ᠠᠴᠠ ᠰᠢᠯᠲᠠᠭᠠᠯᠠᠨ ᠬᠠᠪᠤᠷ ᠤᠨ ᠲᠠᠷᠢᠶᠠᠯᠠᠯᠲᠠ ᠬᠣᠴᠣᠷᠤᠭᠠᠳ ᠪᠤᠢ᠃ ᠥᠨᠥᠳᠥᠷ ᠦᠨ ᠪᠠᠶᠢᠳᠠᠯ ᠢᠶᠠᠷ ᠤᠯᠤᠰ ᠤᠨ ᠬᠡᠮᠵᠢᠶ᠎ᠡ ᠪᠡᠷ 259.6 ᠮᠢᠩᠭᠠᠨ ᠭᠠ ᠳᠦ ᠦᠷ᠎ᠡ ᠲᠠᠷᠢᠶ᠎ᠠ ᠰᠠᠭᠤᠯᠭᠠᠵᠠᠢ᠃ ᠡᠭᠦᠨ ᠡᠴᠡ 250.8 ᠮᠢᠩᠭᠠᠨ ᠭᠠ ᠳᠦ ᠤᠯᠠᠭᠠᠨ ᠪᠤᠭᠤᠳᠠᠢ᠂ 9.6 ᠮᠢᠩᠭᠠᠨ ᠭᠠ ᠳᠦ ᠲᠥᠮᠥᠰᠥ᠂ 2.7 ᠮᠢᠩᠭᠠᠨ ᠭᠠ ᠳᠦ ᠬᠦᠨᠡᠰᠦᠨ ᠦ ᠨᠣᠭᠣᠭ᠎ᠠ᠂ 6.2 ᠮᠢᠩᠭᠠᠨ ᠭᠠ ᠳᠦ ᠲᠡᠵᠢᠭᠡᠯ ᠦᠨ᠂ 13.8 ᠮᠢᠩᠭᠠᠨ ᠭᠠ ᠳᠦ ᠲᠣᠰᠤᠨ ᠤ ᠤᠷᠭᠤᠮᠠᠯ᠂ ᠨᠡᠶᠢᠲᠡ ᠳᠦ ᠪᠡᠨ 292.1 ᠮᠢᠩᠭᠠᠨ ᠭᠠ ᠳᠦ ᠲᠠᠷᠢᠶᠠᠯᠠᠯᠲᠠ ᠬᠢᠭᠰᠡᠨ ᠢᠶᠡᠷ ᠦᠷ᠎ᠡ ᠲᠠᠷᠢᠶᠠᠨ ᠤ ᠲᠠᠷᠢᠶᠠᠯᠠᠯᠲᠠ  ᠶᠢᠨ ᠶᠠᠪᠤᠴᠠ 68.2 ᠬᠤᠪᠢ ᠲᠠᠢ᠂ ᠲᠥᠮᠥᠰᠥ 69.8 ᠬᠤᠪᠢ᠂ ᠬᠦᠨᠡᠰᠦᠨ ᠦ ᠨᠣᠭᠣᠭ᠎ᠠ 30.3 ᠬᠤᠪᠢ ᠲᠠᠢ ᠶᠠᠪᠤᠭᠳᠠᠵᠤ ᠪᠠᠶᠢᠨ᠎ᠠ᠃ ᠬᠠᠪᠤᠷ ᠤᠨ ᠲᠠᠷᠢᠶᠠᠯᠠᠯᠲᠠ ᠳᠤ ᠵᠣᠷᠢᠭᠤᠯᠤᠨ 242 ᠠᠵᠤ ᠠᠬᠤᠢ ᠶᠢᠨ ᠨᠢᠭᠡᠴᠡ᠂ ᠢᠷᠭᠡᠨ ᠳᠦ 10.3 ᠮᠢᠩᠭᠠᠨ ᠲᠣᠨ ᠦᠷ᠎ᠡ ᠶᠢᠨ ᠪᠤᠭᠤᠳᠠᠢ ᠶᠢ 30 ᠬᠤᠪᠢ ᠶᠢᠨ ᠂ 383 ᠠᠵᠤ ᠠᠬᠤᠢ ᠶᠢᠨ ᠨᠢᠭᠡᠴᠡ᠂ ᠢᠷᠭᠡᠨ ᠳᠦ 1.57 ᠮᠢᠩᠭᠠᠨ ᠲᠣᠨ ᠰᠢᠲᠠᠬᠤᠨ ᠢ 50 ᠬᠤᠪᠢ ᠶᠢᠨ ᠤᠷᠢᠳᠴᠢᠯᠠᠭ᠎ᠠ ᠲᠠᠢ ᠵᠢᠭᠡᠯᠡ ᠪᠡᠷ ᠣᠯᠭᠤᠵᠠᠢ᠃

ᠰᠡᠳᠬᠢᠭᠳᠡᠯ ᠦᠯᠡᠳᠡᠭᠡᠬᠦ