ᠨ∙ᠲᠦᠪᠰᠢᠨᠪᠠᠶᠠᠷ ᠬᠥᠬᠡᠬᠣᠲᠠ ᠶᠢᠨ ᠭᠷᠡᠨᠫᠡᠷᠢ ᠡᠴᠡ ᠮᠥᠩᠭᠥᠨ ᠮᠧᠳᠠᠯ ᠬᠦᠷᠲᠡᠵᠡᠢ  | News.MN

   ᠨ∙ᠲᠦᠪᠰᠢᠨᠪᠠᠶᠠᠷ ᠬᠥᠬᠡᠬᠣᠲᠠ ᠶᠢᠨ ᠭᠷᠡᠨᠫᠡᠷᠢ ᠡᠴᠡ ᠮᠥᠩᠭᠥᠨ ᠮᠧᠳᠠᠯ ᠬᠦᠷᠲᠡᠵᠡᠢ 

ᠪᠦᠭᠦᠳᠡ ᠨᠠᠶᠢᠷᠠᠮᠳᠠᠬᠤ ᠬᠢᠲᠠᠳ ᠠᠷᠠᠳ ᠤᠯᠤᠰ ᠤᠨ ᠬᠦᠬᠡᠬᠤᠲᠠ ᠳᠦ ᠲᠠᠪᠤᠳᠤᠭᠠᠷ ᠰᠠᠷ᠎ᠠ ᠶᠢᠨ 24 -26 ᠍ ᠳᠦ ᠵᠢᠦ᠋ᠳᠣ᠋ ᠪᠥᠬᠡ ᠶᠢᠨ ᠭᠷᠡᠨᠫᠡᠷᠢ ᠲᠡᠮᠡᠴᠡᠭᠡᠨ ᠪᠣᠯᠵᠤ ᠥᠨᠳᠥᠷᠯᠡᠯ᠎ᠡ᠃ ᠲᠡᠮᠡᠴᠡᠭᠡᠨ ᠳᠦ 43 ᠣᠷᠣᠨ ᠤ 300  ᠪᠦᠬᠡ ᠬᠦᠴᠦ ᠦᠵᠡᠭᠰᠡᠨ ᠶᠤᠮ᠃ ᠮᠣᠩᠭᠣᠯ ᠤᠯᠤᠰ ᠤᠨ ᠰᠢᠭᠰᠢᠭᠡ ᠪᠠᠭ 25 ᠲᠠᠮᠢᠷᠴᠢᠨ ᠲᠠᠢ ᠡᠨᠡ ᠲᠡᠮᠡᠴᠡᠭᠡᠨ ᠳᠦ ᠣᠷᠣᠯᠴᠠᠭᠰᠠᠨ ᠪᠥᠭᠡᠳ ᠪᠠᠭ ᠤᠨ ᠳ᠋ᠦᠩ ᠢᠶᠡᠷ 16 ᠳ᠋ᠤᠭᠠᠷ ᠪᠠᠶᠢᠷᠢ ᠳᠤ ᠪᠢᠴᠢᠭᠳᠡᠯ᠎ᠡ᠃ ᠲᠣᠳᠣᠷᠠᠭᠤᠯᠪᠠᠯ᠄ 66 ᠺᠢᠯᠦᠭᠷᠡᠮ ᠤᠨ ᠵᠢᠩ ᠳᠦ ᠶᠣ ᠂ ᠪᠠᠰᠠᠬᠦᠦ ᠬᠦᠷᠡᠯ᠂ – 100 ᠺᠢᠯᠦᠭᠷᠡᠮ ᠤᠨ ᠵᠢᠩ ᠳᠦ ᡀ ᠂ ᠣᠳᠬᠣᠨᠪᠠᠭᠠᠲᠤᠷ ᠬᠦᠷᠡᠯ ᠂ + 100 ᠺᠢᠯᠦᠭᠷᠡᠮ ᠤᠨ ᠵᠢᠩ ᠳᠦ  ᠨ ᠂ ᠲᠦᠪᠰᠢᠨᠪᠠᠶᠠᠷ ᠮᠥᠩᠭᠥ᠂ ᠣ᠂ ᠤᠤᠭᠠᠨᠪᠠᠭᠠᠲᠤᠷ ᠱᠠᠩᠨᠠᠯᠲᠤ ᠪᠠᠶᠢᠷᠢᠨ ᠳᠤ ᠰᠢᠯᠭᠠᠷᠠᠭᠰᠠᠨ ᠠᠮᠵᠢᠯᠲᠠ ᠲᠤᠰ ᠲᠤᠰ ᠦᠵᠡᠭᠦᠯᠵᠦ᠂ ᠲᠡᠮᠡᠴᠡᠭᠡᠨ ᠢ ᠥᠨᠳᠥᠷᠯᠡᠪᠡ᠃
ᠣᠯᠢᠮᠫ ᠤᠨ ᠠᠪᠤᠷᠭᠤ ᠨ∙ᠲᠦᠪᠰᠢᠨᠪᠠᠶᠠᠷ ᠬᠡᠰᠡᠭ ᠦᠨ ᠠᠪᠤᠷᠭᠤ ᠪᠣᠯᠵᠤ ᠬᠠᠭᠠᠰ ᠰᠢᠭᠰᠢᠭᠡ ᠳᠦ ᠰᠢᠯᠭᠠᠷᠠᠭᠰᠠᠨ᠃ ᠤᠯᠠᠮ ᠢᠶᠠᠷ ᠮᠥᠩᠭᠥᠨ ᠮᠧᠳᠠᠯ ᠤᠨ ᠲᠥᠯᠥᠭᠡ ᠭᠧᠷᠮᠠᠨ ᠤ ᠪᠥᠬᠡ ᠲᠡᠢ ᠪᠠᠷᠢᠯᠳᠤᠨ ᠴᠡᠪᠡᠷ ᠢᠯᠠᠵᠤ ᠠᠯᠲᠠᠨ ᠮᠧᠳᠠᠯ ᠤᠨ ᠲᠥᠯᠥᠭᠡ ᠪᠦᠭᠦᠳᠡ ᠨᠠᠶᠢᠷᠠᠮᠳᠠᠬᠤ ᠰᠤᠯᠤᠩᠭᠤᠰ ᠤᠯᠤᠰ᠍ ᠤᠨ ᠺᠢᠮ ᠮᠢᠩ ᠵᠣᠩ ᠲᠠᠢ ᠬᠦᠴᠦ ᠦᠵᠡᠭᠰᠡᠨ ᠴᠤ ᠢᠯᠠᠭᠳᠠᠯ ᠬᠦᠯᠢᠶᠡᠯ᠎ᠡ᠃ ᠡᠶᠢᠨ ᠬᠦ ᠲᠡᠷᠡ ᠪᠡᠷ ᠬᠥᠬᠡᠬᠣᠲᠠ ᠶᠢᠨ ᠭᠷᠡᠨᠫᠡᠷᠢ ᠲᠦ ᠬᠣᠶᠠᠷ ᠵᠢᠯ ᠳᠠᠷᠠᠭᠠᠯᠠᠨ ᠪᠠᠷᠢᠯᠳᠤᠵᠤ᠂ 2018 ᠣᠨ ᠳᠤ ᠠᠯᠲᠠᠨ ᠮᠧᠳᠠᠯ ᠬᠦᠷᠲᠡᠭᠰᠡᠨ ᠪᠣᠯ 2019 ᠣᠨ ᠳᠤ ᠮᠥᠩᠭᠥᠨ ᠮᠧᠳᠠᠯ ᠬᠦᠷᠲᠡᠵᠦ ᠪᠠᠶᠢᠭ᠎ᠠ ᠨᠢ ᠡᠨᠡ ᠶᠤᠮ᠃

ᠰᠡᠳᠬᠢᠭᠳᠡᠯ ᠦᠯᠡᠳᠡᠭᠡᠬᠦ