ᠣ᠊∙ᠭᠦᠨᠳᠡᠭᠮᠠ ᠣᠯᠢᠮᠫ ᠤᠨ ᠡᠷᠬᠡ ᠠᠪᠴᠤ ᠴᠢᠳᠠᠭᠰᠠᠨ ᠦᠭᠡᠢ  | News.MN

ᠣ᠊∙ᠭᠦᠨᠳᠡᠭᠮᠠ ᠣᠯᠢᠮᠫ ᠤᠨ ᠡᠷᠬᠡ ᠠᠪᠴᠤ ᠴᠢᠳᠠᠭᠰᠠᠨ ᠦᠭᠡᠢ 

ᠭᠧᠷᠮᠠᠨ ᠤᠯᠤᠰ  ᠲᠦ  ᠫᠤᠤᠳᠠᠯᠭ᠎ᠠ ᠶᠢᠨ ᠰᠫᠣᠷᠲ ᠤᠨ ᠳᠡᠯᠡᠬᠡᠢ ᠶᠢᠨ ᠴᠣᠮᠣ ᠶᠢᠨ ᠲᠡᠮᠡᠴᠡᠭᠡᠨ ᠪᠣᠯᠵᠤ ᠪᠠᠶᠢᠨ᠎ᠠ᠃ 97 ᠣᠷᠣᠨ ᠤ 908 ᠲᠠᠮᠢᠷᠴᠢᠳ ︽ᠲᠤᠤᠺᠢᠤ᠋ 2020︾ ᠣᠯᠢᠮᠫ ᠤᠨ ᠡᠷᠬᠡ ᠶᠢᠨ ᠲᠥᠯᠦᠭᠡᠬᠢ ᠥᠷᠢᠰᠦᠯᠳᠦᠭᠡᠨ ᠢ ᠦᠵᠡᠭᠦᠯᠵᠦ ᠪᠠᠶᠢᠨ᠎ᠠ᠃ ᠮᠣᠩᠭᠣᠯ ᠤᠯᠤᠰ ᠠᠴᠠ ᠬᠥᠳᠡᠯᠮᠦᠷᠢ ᠶᠢᠨ ᠪᠠᠭᠠᠲᠤᠷ ᠣ᠊∙ᠭᠦᠨᠳᠡᠭᠮᠠ ᠲᠡᠷᠢᠭᠦᠲᠡᠢ ᠰᠢᠯᠢᠳᠡᠭ ᠲᠠᠮᠢᠷᠴᠢᠳ ᠣᠯᠢᠮᠫ ᠤᠨ ᠡᠷᠬᠡ ᠠᠪᠴᠤ ᠴᠢᠳᠠᠭᠰᠠᠨ ᠦᠭᠡᠢ᠃
ᠭᠧᠷᠮᠠᠨ ᠤᠯᠤᠰ ᠤᠨ ᠢᠷᠭᠡᠨ ᠪᠣᠯᠤᠭᠰᠠᠨ ᠮᠣᠩᠭᠣᠯ ᠤᠯᠤᠰ ᠤᠨ ᠭᠠᠪᠢᠶᠠᠲᠤ ᠲᠠᠮᠢᠷᠴᠢᠨ ᠳ∙ᠮᠥᠩᠬᠡᠪᠠᠶᠠᠷ ᠤᠨ ᠱᠠᠪᠢ ︽ᠲᠤᠤᠺᠢᠤ᠋ 2020︾ ᠣᠯᠢᠮᠫ ᠤᠨ ᠨᠠᠭᠠᠳᠤᠮ ᠤᠨ ᠡᠷᠬᠡ ᠪᠡᠨ ᠠᠪᠤᠯ᠎ᠠ᠃ ᠲᠡᠷᠡᠪᠡᠷ ᠡᠨᠡᠳᠬᠡᠭ ᠦᠨ ᠵᠠᠯᠠᠭᠤᠴᠤᠳ ᠤᠨ ᠰᠢᠭᠰᠢᠭᠡ ᠪᠠᠭ ᠢ ᠳᠠᠰᠬᠠᠯᠵᠢᠭᠤᠯᠵᠤ ᠪᠠᠶᠢᠭ᠎ᠠ ᠪᠥᠭᠡᠳ ᠲᠡᠭᠦᠨ ᠦ ᠱᠠᠪᠢ ᠷ∙ᠰᠠᠷᠨᠨᠣᠸᠠᠲ ᠶᠠᠫᠣᠨ ᠢ ᠵᠣᠷᠢᠬᠤ ᠡᠷᠬᠡ ᠲᠡᠢ ᠪᠣᠯᠵᠠᠢ᠃ ᠲᠠᠪᠤᠳᠤᠭᠠᠷ ᠰᠠᠷ᠎ᠠ ᠶᠢᠨ 27 ᠤ ᠡᠳᠦᠷ ᠪᠣᠯᠤᠭᠰᠠᠨ ᠡᠮᠡᠭᠲᠡᠶᠢᠴᠦᠳ ᠦᠨ ᠰᠫᠣᠷᠲ ᠭᠠᠷ ᠫᠤᠤ ᠶᠢᠨ 25 ᠮᠧᠲ᠋ᠷ ᠦᠨ ᠳᠠᠰᠬᠠᠯ ᠳᠤ ᠥᠷᠢᠰᠦᠯᠳᠦᠭᠰᠡᠨ ᠷ∙ᠰᠠᠷᠨᠨᠣᠸᠠᠲ 37 ᠣᠨᠣᠭ᠎ᠠ ᠪᠠᠷ ᠠᠯᠲᠠᠨ ᠮᠧᠳᠠᠯ ᠬᠦᠷᠲᠡᠵᠦ᠂ ᠬᠥᠳᠡᠯᠮᠦᠷᠢ ᠶᠢᠨ ᠪᠠᠭᠠᠲᠤᠷ ᠣ᠊∙ᠭᠦᠨᠳᠡᠭᠮᠠ 19 ᠍ ᠳᠦᠭᠡᠷ ᠪᠠᠶᠢᠷᠢ ᠳᠤ᠂ ᠣᠯᠠᠨ ᠤᠯᠤᠰ ᠤᠨ ᠬᠡᠮᠵᠢᠶᠡᠨ ᠦ ᠮᠠᠰᠲ᠋ᠸᠷ ᠼ∙ᠮᠦᠩᠬᠡᠵᠤᠯᠠ 44᠂ ᠬ∙ᠤᠷᠲᠤᠨᠠᠰᠤᠨ 60 ᠳ᠋ᠤᠭᠠᠷ ᠪᠠᠶᠢᠷᠢ ᠶᠢ ᠡᠵᠡᠯᠡᠵᠡᠢ᠃ ᠨᠡᠶᠢᠲᠡ 108 ᠲᠠᠮᠢᠷᠴᠢᠨ ᠥᠷᠢᠰᠦᠯᠳᠦᠭᠰᠡᠨ ᠪᠠᠶᠢᠨ᠎ᠠ᠃
ᠭᠠᠪᠢᠶᠠᠲᠤ ᠲᠠᠮᠢᠷᠴᠢᠨ ᠳ∙ᠮᠥᠩᠬᠡᠪᠠᠶᠠᠷ ᠤᠨ ᠱᠠᠪᠢ 27 ᠨᠠᠰᠤᠲᠠᠢ ᠷ∙ᠰᠠᠷᠨᠨᠣᠸᠠᠲ ᠲᠤᠤᠺᠢᠤ᠋ ᠶᠢ ᠵᠣᠷᠢᠬᠤ ᠡᠷᠬᠡ ᠪᠡᠨ ᠠᠪᠴᠤ ᠮᠣᠩᠭᠣᠯ ᠪᠠᠭᠰᠢ ᠶᠢᠨ ᠤᠷ᠎ᠠ ᠴᠢᠳᠠᠪᠤᠷᠢ ᠶᠢ ᠬᠠᠷᠠᠭᠤᠯᠤᠭᠰᠠᠨ ᠢ ᠣᠯᠠᠨ ᠤᠯᠤᠰ ᠤᠨ  ᠫᠤᠤᠳᠠᠯᠭ᠎ᠠ ᠶᠢᠨ ᠬᠣᠯᠪᠣᠭᠠᠨ ᠠᠴᠠ ᠣᠨᠴᠠᠯᠠᠨ ᠮᠡᠳᠡᠭᠡᠯᠡᠵᠡᠢ᠃

ᠰᠡᠳᠬᠢᠭᠳᠡᠯ ᠦᠯᠡᠳᠡᠭᠡᠬᠦ