ᠴ∙ᠰᠠᠶᠢᠬᠠᠨᠪᠢᠯᠢᠭ᠌ ᠢ ᠬᠡᠷᠡᠭ ᠦᠨ ᠣᠷᠣᠯᠴᠠᠭᠴᠢ ᠨᠠᠷ ᠲᠠᠢ ᠠᠭᠤᠯᠵᠠᠬᠤ  ᠶᠢ ᠬᠤᠷᠢᠭᠯᠠᠵᠠᠢ  | News.MN

ᠴ∙ᠰᠠᠶᠢᠬᠠᠨᠪᠢᠯᠢᠭ᠌ ᠢ ᠬᠡᠷᠡᠭ ᠦᠨ ᠣᠷᠣᠯᠴᠠᠭᠴᠢ ᠨᠠᠷ ᠲᠠᠢ ᠠᠭᠤᠯᠵᠠᠬᠤ  ᠶᠢ ᠬᠤᠷᠢᠭᠯᠠᠵᠠᠢ 

ᠶᠡᠷᠦᠩᠬᠡᠢ ᠰᠠᠶᠢᠳ ᠠᠰᠠᠨ ᠴ∙ᠰᠠᠶᠢᠬᠠᠨᠪᠢᠯᠢᠭ᠌ ᠢ ︽ᠡᠷᠳᠡᠨᠢᠲᠦ ᠦᠢᠯᠡᠳᠪᠦᠷᠢ︾ ᠶᠢᠨ 49 ᠬᠤᠪᠢ ᠶᠢ ᠣᠷᠣᠰ  ᠦᠨ ᠲᠠᠯ᠎ᠠ ᠠᠴᠠ ᠬᠤᠳᠠᠯᠳᠤᠨ ᠠᠪᠬᠤ ᠦᠢᠯᠡ ᠠᠵᠢᠯᠯᠠᠭ᠎ᠠ ᠲᠠᠢ ᠬᠣᠯᠪᠣᠭ᠎ᠠ ᠲᠠᠢ ᠬᠡᠷᠡᠭ ᠦᠨ ᠣᠷᠣᠯᠴᠠᠭᠴᠢ  ᠨᠠᠷ ᠲᠠᠢ ᠠᠭᠤᠯᠵᠠᠬᠤ ᠦᠭᠡᠢ ᠪᠠᠶᠢᠬᠤ ᠰᠢᠢᠳᠪᠦᠷᠢ ᠰᠢᠭᠦᠬᠦ ᠡᠴᠡ ᠭᠠᠷᠭᠠᠵᠠᠢ᠃ ᠮᠥᠨ ᠨᠡᠶᠢᠰᠯᠡᠯ ᠦᠨ ᠫᠷᠣᠺᠦ᠋ᠷᠣᠷ ᠤᠨ ᠭᠠᠵᠠᠷ ᠠᠴᠠ ᠢᠷᠭᠡᠨ ᠣ᠊∙ᠣᠷᠬᠣᠨ᠂ ᠼ∙ᠫᠦᠷᠪᠦᠲᠦ᠋ᠪᠰᠢᠨ᠂ ᠮ∙ᠮᠥᠩᠬᠡᠪᠠᠭᠠᠲᠤᠷ ᠨᠠᠷ ᠲᠤ ᠬᠢᠯᠢ ᠶᠢᠨ ᠬᠣᠷᠢᠭ ᠲᠠᠯᠪᠢᠬᠤ ᠪᠣᠯᠤᠨ ︽ᠡᠷᠳᠡᠨᠢᠲᠦ ᠦᠢᠯᠡᠳᠪᠦᠷᠢ︾ ᠶᠢᠨ 49 ᠬᠤᠪᠢ  ᠶᠢ ᠣᠷᠣᠰ ᠦᠨ ᠲᠠᠯ᠎ᠠ ᠠᠴᠠ ᠬᠤᠳᠠᠯᠳᠤᠨ ᠠᠪᠬᠤ ᠦᠢᠯᠡ ᠠᠵᠢᠯᠯᠠᠭ᠎ᠠ ᠲᠠᠢ ᠬᠣᠯᠪᠣᠭ᠎ᠠ ᠲᠠᠢ ᠬᠡᠷᠡᠭ ᠦᠨ ᠬᠤᠯᠪᠤᠭᠳᠠᠭᠴᠢ  ᠨᠠᠷ ᠲᠠᠢ ᠠᠭᠤᠯᠵᠠᠬᠤ ᠦᠭᠡᠢ ᠪᠠᠶᠢᠬᠤ ᠲᠠᠰᠤᠯᠤᠨ ᠰᠡᠷᠭᠡᠶᠢᠯᠡᠬᠦ ᠠᠷᠭ᠎ᠠ ᠬᠡᠮᠵᠢᠶ᠎ᠡ ᠠᠪᠬᠤ ᠰᠠᠨᠠᠯ ᠰᠢᠭᠦᠬᠦ ᠳᠦ ᠢᠷᠡᠭᠦᠯᠵᠡᠢ᠃ ᠦᠮᠦᠭᠯᠡᠭᠴᠢᠳ ᠰᠢᠭᠦᠭᠴᠢ ᠡᠴᠡ ᠲᠠᠲᠠᠭᠠᠯᠵᠠᠭᠰᠠᠨ ᠲᠤᠯᠠ ᠤᠭ ᠠᠰᠠᠭᠤᠳᠠᠯ ᠢ ᠲᠤᠬᠠᠢ ᠶᠢᠨ ᠳᠡᠭᠦᠷᠭᠡ ᠶᠢᠨ ᠶᠡᠷᠦᠩᠬᠡᠢ ᠰᠢᠭᠦᠭᠴᠢ ᠬᠢᠨᠠᠬᠤ ᠬᠦᠷᠲᠡᠯ᠎ᠡ ᠬᠤᠭᠤᠴᠠᠭ᠎ᠠ ᠪᠠᠷ ᠬᠣᠶᠢᠰᠢᠯᠠᠭᠤᠯᠤᠭᠰᠠᠨ ᠪᠠᠶᠢᠨ᠎ᠠ᠃

ᠰᠡᠳᠬᠢᠭᠳᠡᠯ ᠦᠯᠡᠳᠡᠭᠡᠬᠦ