︽ᠬᠠᠭᠠᠰ ᠨᠢ ᠡᠰ᠂ ᠬᠠᠭᠠᠰ ᠨᠢ ᠡᠯᠡᠰᠦ︾ ᠨᠣᠮ ᠤᠨ ᠨᠡᠭᠡᠭᠡᠯᠲᠡ ᠪᠣᠯᠤᠯ᠎ᠠ | News.MN

︽ᠬᠠᠭᠠᠰ ᠨᠢ ᠡᠰ᠂ ᠬᠠᠭᠠᠰ ᠨᠢ ᠡᠯᠡᠰᠦ︾ ᠨᠣᠮ ᠤᠨ ᠨᠡᠭᠡᠭᠡᠯᠲᠡ ᠪᠣᠯᠤᠯ᠎ᠠ

ᠬᠥᠪᠰᠥᠭᠥᠯ ᠠᠶᠢᠮᠠᠭ ᠤᠨ ᠨᠡᠶᠢᠭᠡᠮ ᠤᠨ ᠳᠠᠭᠠᠳᠬᠠᠯ ᠤᠨ ᠬᠡᠯᠲᠡᠰ ᠦᠨ ᠮᠡᠷᠭᠡᠵᠢᠯᠲᠡᠨ ᠵᠣᠬᠢᠶᠠᠯᠴᠢ᠂ ᠢᠷᠠᠭᠤ ᠨᠠᠶᠢᠷᠠᠭᠴᠢ ᠫ∙ᠮᠠᠶᠢᠨᠪᠠᠶᠠᠷ ᠤᠨ ︽ᠬᠠᠭᠠᠰ ᠨᠢ ᠡᠰ᠂ ᠬᠠᠭᠠᠰ ᠨᠢ ᠡᠯᠡᠰᠦ︾ ᠨᠣᠮ ᠤᠨ ᠨᠡᠭᠡᠭᠡᠯᠲᠡ ᠮᠥᠷᠡᠨ  ᠬᠤᠲᠠ ᠳᠤ ᠪᠣᠯᠤᠯ᠎ᠠ᠃ ᠲᠡᠷᠡᠪᠡᠷ 1996 ᠣᠨ ᠳᠤ ᠠᠩᠬᠠᠨ ᠤ ᠰᠢᠯᠦᠭ ᠦᠨ ᠲᠡᠭᠦᠪᠦᠷᠢ ︽ᠰᠢᠷ᠎ᠠ ᠨᠠᠪᠴᠢᠨ ᠤ ᠰᠦᠨᠡᠰᠦ︾ ᠨᠣᠮ ᠢᠶᠠᠨ ᠭᠠᠷᠭᠠᠵᠤ ᠪᠠᠶᠢᠭᠰᠠᠨ ᠪᠣᠯ ᠂ 2006 ᠣᠨ ᠳᠤ ︽ᠰᠠᠷᠠᠨ ᠤ ᠪᠢᠴᠢᠭᠡᠰᠦ︾᠂ 2007 ᠣᠨ ᠳᠤ  ︽ᠰᠢᠨ᠎ᠡ ᠤᠯᠠᠷᠢᠯ︾᠂ 2008 ᠣᠨ ᠳᠤ ︽ᠰᠠᠶ᠋ᠢ ᠵᠢᠯ ᠦᠨ ᠨᠠᠮᠤᠷ︾᠂ 2009 ᠣᠨ ᠳᠤ  ︽ᠪᠢᠰᠢᠯᠭᠠᠭᠴᠢ ᠮᠥᠴᠢᠷ︾᠂ 2010 ᠣᠨ ᠳᠤ ︽ᠣᠭᠲᠠᠷᠭᠤᠢ ᠶᠢᠨ ᠨᠤᠭᠤ ᠠᠴᠠ ᠲᠡᠭᠦᠭᠰᠡᠨ ᠰᠢᠭᠦᠳᠡᠷᠢ︾᠂ 2011 ᠣᠨ ᠳᠤ ︽ᠰᠡᠭᠦᠳᠡᠷ ᠦᠭᠡᠢ ᠮᠠᠨᠠᠨ︾᠂ 2012 ᠣᠨ ᠳᠤ ︽ᠡᠪᠡᠰᠦᠨ ᠦ ᠰᠢᠪᠠᠭᠤ︾᠂ 2013 ᠣᠨ ᠳᠤ ︽ᠡᠷᠲᠡᠨ ᠦ ᠰᠡᠳᠬᠢᠯ︾᠂ 2014 ᠣᠨ ᠳᠤ ︽ᠰᠠᠯᠬᠢᠨ ᠳᠤ ᠭᠡᠷᠡᠯᠲᠦᠬᠦ ᠲᠩᠷᠢ︾᠂ 2015 ᠣᠨ ᠳᠤ ︽ᠡᠭᠦᠷᠢᠳᠡ ᠶᠢᠨ ᠬᠣᠭᠣᠰᠣᠨ ᠭᠱᠠᠨ︾ ᠨᠣᠮ ᠢᠶᠠᠨ ᠥᠪᠡᠷ ᠦᠨ 11 ᠳ᠋ᠡᠬᠢ ᠰᠢᠯᠦᠭ ᠦᠨ ᠲᠡᠭᠦᠪᠦᠷᠢ ᠪᠣᠯᠭᠠᠨ ᠬᠡᠪᠯᠡᠭᠦᠯᠵᠡᠢ᠃ ᠬᠠᠷᠢᠨ ᠲᠡᠭᠦᠨ ᠦ ᠠᠷᠪᠠᠨ ᠬᠤᠶᠠᠳᠠᠬᠢ ᠨᠣᠮ ︽ᠬᠠᠭᠠᠰ ᠨᠢ ᠡᠰ ᠂ ᠬᠠᠭᠠᠰ ᠨᠢ ᠡᠯᠡᠰᠦ︾ ᠠᠩᠬᠠᠨ ᠤ ᠬᠦᠦᠷᠨᠢᠯ ᠵᠣᠬᠢᠶᠠᠯ ᠶᠤᠮ᠃ ᠡᠨᠡᠬᠦ ᠨᠣᠮ ᠨᠢ ᠬᠣᠶᠠᠷ ᠬᠡᠰᠡᠭ ᠡᠴᠡ ᠪᠥᠷᠢᠳᠬᠦ ᠪᠥᠭᠡᠳ ᠡᠬᠢᠨ ᠦ ᠬᠡᠰᠡᠭ ᠨᠢ ᠬᠣᠭᠣᠷᠣᠨᠳᠣ ᠪᠠᠨ ᠤᠶᠠᠯᠳᠤᠭ᠎ᠠ ᠬᠣᠯᠪᠣᠭ᠎ᠠ ᠪᠦᠬᠦᠢ ᠴᠤᠪᠤᠷᠠᠯ ᠥᠭᠦᠯᠡᠯᠭᠡ ᠡᠴᠡ᠂ ᠬᠤᠶᠠᠳᠠᠬᠢ ᠬᠡᠰᠡᠭ ᠨᠢ ᠪᠡᠶ᠎ᠡ   ᠳᠠᠭᠠᠭᠠᠭᠰᠠᠨ ᠥᠭᠦᠯᠡᠯᠭᠡ ᠨᠦᠭᠦᠳ ᠡᠴᠡ ᠪᠦᠷᠢᠳᠴᠡᠢ᠃
ᠫ∙ᠮᠠᠶᠢᠨᠪᠠᠶᠠᠷ ᠨᠢ ᠮᠣᠩᠭᠣᠯ ᠤᠯᠤᠰ ᠤᠨ ᠰᠤᠶᠤᠯ ᠤᠨ ᠲᠡᠷᠢᠭᠦᠨ ᠦ ᠠᠵᠢᠯᠲᠠᠨ᠂ ᠵᠣᠬᠢᠶᠠᠯᠴᠢᠳ ᠤᠨ ᠡᠪᠯᠡᠯ ᠦᠨ ᠱᠠᠩᠨᠠᠯᠲᠤ᠂ ᠭᠣᠮᠪᠣ ᠶᠢᠨ ᠰᠸᠷ-ᠣᠳᠣ ᠶᠢᠨ ᠨᠡᠷᠡᠮᠵᠢᠲᠦ ᠱᠠᠩᠨᠠᠯᠲᠤ᠂ ᠰᠢᠯᠢᠳᠡᠭ ᠪᠦᠲᠦᠭᠡᠯ ᠦᠨ ︽ᠠᠯᠲᠠᠨ-ᠥᠳᠥ︾ ᠨᠠᠭᠠᠳᠤᠮ ᠤᠨ ᠲᠡᠷᠢᠭᠦᠨ ᠪᠠᠶᠢᠷᠢ ᠶᠢᠨ ᠱᠠᠩᠨᠠᠯ ᠲᠠᠢ ᠵᠣᠬᠢᠶᠠᠯᠴᠢ ᠢᠷᠠᠭᠤ ᠨᠠᠶᠢᠷᠠᠭᠴᠢ ᠶᠤᠮ᠃ ᠮᠥᠨ ᠡᠨᠡ ᠣᠨ ᠤ 4 ᠳ᠋ᠤᠭᠡᠷ ᠰᠠᠷ᠎ᠠ ᠳᠤ ᠮᠣᠩᠭᠣᠯ ᠤᠨ ᠵᠣᠬᠢᠶᠠᠯᠴᠢᠳ ᠤᠨ ᠡᠪᠯᠡᠯ᠂ ︽ᠠᠵᠠ ᠬᠤᠷᠠ︾  ᠺᠤᠮᠫᠠᠨᠢ᠂ ︽ᠪᠣᠯᠣᠷ ᠰᠤᠳᠤᠷ︾ᠬᠡᠪᠯᠡᠯ ᠦᠨ ᠭᠠᠵᠠᠷ ᠠᠴᠠ ᠵᠣᠬᠢᠶᠠᠨ ᠪᠠᠶᠢᠭᠤᠯᠤᠭᠰᠠᠨ ︽ᠮᠣᠩᠭᠣᠯ ᠲᠤᠭᠤᠵᠢᠰ︾ ᠬᠦᠦᠷᠨᠢᠯ ᠵᠣᠬᠢᠶᠠᠯ᠂ ᠲᠤᠭᠤᠵᠢ ᠶᠢᠨ ᠤᠷᠤᠯᠳᠤᠭᠠᠨ ᠳᠤ ᠵᠣᠬᠢᠶᠠᠯᠴᠢ ᠫ∙ᠮᠠᠶᠢᠨᠪᠠᠶᠠᠷ ᠤᠨ ︽ᠮᠥᠩᠬᠡ ᠶᠢᠨ ᠬᠥᠰᠬᠡ》 ᠲᠤᠭᠤᠵᠢ ᠲᠡᠷᠢᠭᠦᠨ ᠪᠠᠶᠢᠷᠢ ᠡᠵᠡᠯᠡᠭᠰᠡᠨ ᠠᠵᠡᠢ᠃

ᠰᠡᠳᠬᠢᠭᠳᠡᠯ ᠦᠯᠡᠳᠡᠭᠡᠬᠦ