ᠮᠣᠩᠭᠣᠯ ᠲᠤᠭᠤᠷᠭᠠᠲᠠᠨ ᠤ ᠬᠤᠪᠴᠠᠰᠤᠨ ᠤ ᠣᠨᠴᠠᠯᠢᠭ ᠢ ᠬᠠᠷᠠᠭᠤᠯᠤᠯ᠎ᠠ | News.MN

 ᠮᠣᠩᠭᠣᠯ ᠲᠤᠭᠤᠷᠭᠠᠲᠠᠨ ᠤ ᠬᠤᠪᠴᠠᠰᠤᠨ ᠤ ᠣᠨᠴᠠᠯᠢᠭ ᠢ ᠬᠠᠷᠠᠭᠤᠯᠤᠯ᠎ᠠ

ᠨᠡᠶᠢᠰᠯᠡᠯ ᠦᠨ ᠵᠠᠰᠠᠭ ᠳᠠᠷᠤᠭ᠎ᠠ ᠶᠢᠨ ᠢᠪᠡᠭᠡᠯ ᠳᠣᠣᠷ᠎ᠠ ᠵᠣᠬᠢᠶᠠᠨ ᠪᠠᠶᠢᠭᠤᠯᠤᠭᠳᠠᠭᠰᠠᠨ ︽ᠥᠬᠦᠭᠡᠷᠳᠡᠮ᠎ᠡ ᠭᠣᠶᠣ-2019︾ ᠮᠣᠩᠭᠣᠯ ᠲᠤᠭᠤᠷᠭᠠᠲᠠᠨ ᠬᠡᠦᠬᠡᠳ ᠪᠠᠭᠠᠴᠤᠳ᠂ ᠳ᠋ᠢᠽᠠᠶᠢᠨᠧᠷ᠂ ᠦᠢᠯᠡᠳᠪᠦᠷᠢᠯᠡᠭᠴᠢᠳ ᠦᠨ ᠵᠠᠭᠪᠤᠷ ᠤᠨ ᠶᠡᠬᠡ ᠨᠠᠭᠠᠳᠤᠮ ᠮᠣᠩᠭᠣᠯ ᠤᠨ ᠬᠡᠦᠬᠡᠳ ᠦᠨ ᠣᠷᠳᠣᠨ ᠳᠤ ᠠᠮᠵᠢᠯᠲᠠᠲᠠᠢ ᠪᠣᠯᠤᠯ᠎ᠠ᠃ ᠮᠣᠩᠭᠣᠯ ᠲᠤᠭᠤᠷᠭᠠᠲᠠᠨ ᠤ ᠦᠨᠳᠦᠰᠦᠨ ᠦ ᠬᠤᠪᠴᠠᠰᠤᠨ ᠤ ᠰᠤᠶᠤᠯ ᠢ ᠬᠡᠦᠬᠡᠳ ᠪᠠᠭᠠᠴᠤᠳ ᠲᠤ ᠲᠦᠭᠡᠭᠡᠨ ᠳᠡᠯᠭᠡᠷᠡᠭᠦᠯᠬᠦ ᠵᠣᠷᠢᠯᠭ᠎ᠠ ᠲᠠᠢ ᠣᠯᠠᠨ ᠤᠯᠤᠰ ᠤᠨ ᠵᠠᠭᠪᠤᠷ ᠤᠨ ᠨᠠᠭᠠᠳᠤᠮ ᠤᠨ ᠡᠬᠢᠨ ᠦ ᠡᠳᠦᠷ ᠪᠤᠶᠤ ᠲᠠᠪᠤᠳᠤᠭᠠᠷ ᠰᠠᠷ᠎ᠠ ᠶᠢᠨ 25 ᠍ ᠳᠦ ᠤᠯᠠᠮᠵᠢᠯᠠᠯ ᠶᠣᠰᠣᠭᠠᠷ ᠮᠣᠩᠭᠣᠯ ᠤᠨ ᠬᠡᠦᠬᠡᠳ ᠦᠨ ᠣᠷᠳᠣᠨ ᠳᠦ ᠮᠣᠩᠭᠣᠯ ᠦᠨᠳᠦᠰᠦᠲᠡᠨ ᠦ ᠪᠣᠯᠤᠨ ᠦᠨᠳᠦᠰᠦᠨ ᠦ ᠬᠡᠪ ᠰᠢᠨᠵᠢ ᠶᠢ ᠠᠭᠤᠯᠤᠭᠰᠠᠨ ᠭᠤᠶᠤᠯᠠᠯ ᠤᠨ ᠪᠣᠯᠤᠨ ᠡᠳᠦᠷ ᠲᠤᠲᠤᠮ ᠤᠨ ᠬᠤᠪᠴᠠᠰᠤᠨ ᠤ ᠵᠠᠭᠪᠤᠷ ᠤᠨ ᠦᠵᠡᠭᠦᠯᠪᠦᠷᠢ ᠨᠦᠭᠦᠳ ᠢᠶᠡᠨ ᠲᠣᠯᠢᠯᠠᠭᠤᠯᠵᠤ᠂ ᠰᠢᠯᠢᠳᠡᠭ ᠦᠳ ᠢᠶᠡᠨ ᠲᠣᠳᠣᠷᠠᠭᠤᠯᠪᠠ᠃
ᠲᠤᠰ ᠨᠠᠭᠠᠳᠤᠮ ᠳᠤ ᠣᠷᠣᠯᠴᠠᠭᠴᠢ ᠪᠢᠴᠢᠬᠠᠨ ᠵᠠᠭᠪᠤᠷ ᠡᠮᠦᠰᠦᠭᠴᠢᠳ ᠦᠨ ᠬᠤᠪᠢ ᠳᠤ  ︽Miss ᠊ Gentleman Development ︾ ᠲᠥᠪ ᠲᠦ ᠤᠷᠢᠳᠴᠢᠯᠠᠭᠰᠠᠨ ᠪᠡᠯᠡᠳᠬᠡᠯ ᠬᠢᠳᠡᠭ᠃ ᠡᠨᠡ ᠵᠢᠯ ᠬᠠᠯᠬ᠎ᠠ᠂ ᠪᠠᠷᠭᠤ᠂ ᠦᠵᠦᠮᠦᠴᠢᠨ᠂ ᠴᠠᠲᠠᠨ ᠠᠷᠠᠳ ᠤᠨ ᠬᠤᠪᠴᠠᠰᠤᠨ ᠤ ᠣᠨᠴᠠᠯᠢᠭ ᠢ ᠬᠠᠷᠠᠭᠤᠯᠤᠭᠰᠠᠨ ᠦᠵᠡᠭᠦᠯᠪᠦᠷᠢ ᠨᠦᠭᠦᠳ ᠤᠷᠤᠯᠴᠠᠭᠰᠠᠨ ᠢᠶᠠᠷ ᠢᠶᠠᠨ ᠣᠨᠴᠠᠯᠢᠭ ᠲᠠᠢ ᠪᠠᠶᠢᠪᠠ᠃ ᠮᠥᠨ  ᠦᠪᠦᠷ ᠮᠤᠩᠭᠤᠯ ᠤᠨ ᠪᠦᠵᠢᠭ ᠦᠨ ︽ᠲᠡᠮᠡᠤᠯᠤᠯ︾ ᠬᠠᠮᠲᠤᠯᠢᠭ ᠤᠷᠢᠯᠭ᠎ᠠ ᠪᠠᠷ ᠣᠷᠣᠯᠴᠠᠵᠤ᠂ ᠳᠠᠭᠤᠴᠢᠨ A Cool ᠠᠶ᠎ᠠ ᠳᠠᠭᠤᠤ ᠪᠠᠨ ᠡᠷᠭᠦᠨ ᠪᠠᠷᠢᠯ᠎ᠠ᠃ ᠨᠠᠭᠠᠳᠤᠮ ᠳᠤ ᠨᠡᠶᠢᠲᠡ 150 ᠭᠠᠷᠤᠢ ᠪᠢᠴᠢᠬᠠᠨ ᠵᠠᠭᠪᠤᠷ ᠡᠮᠦᠰᠦᠭᠴᠢ᠂ 20 ᠭᠠᠷᠤᠢ ᠠᠵᠤ ᠠᠬᠤᠢ ᠶᠢᠨ ᠨᠢᠭᠡᠴᠡ᠂ ᠳ᠋ᠢᠽᠠᠶᠢᠨᠧᠷ ᠤᠨ 22 ᠺᠣᠯᠯᠧᠺᠼᠢ 250 ᠣᠷᠴᠢᠮ ᠬᠤᠪᠴᠠᠰᠤ ᠶᠢ ᠦᠵᠡᠵᠦ ᠰᠣᠨᠢᠷᠬᠠᠭᠤᠯᠤᠭᠰᠠᠨ ᠶᠤᠮ᠃  ᠦᠨᠳᠦᠰᠦᠨ ᠦ ᠬᠤᠪᠴᠠᠰᠤᠨ ᠤ ᠲᠥᠷᠥᠯ ᠢᠶᠡᠷ᠄ ᠥᠪᠥᠷ ᠮᠣᠩᠭᠣᠯ ᠤᠨ ︽ᠲᠡᠮᠡᠤᠯᠤᠯ︾ ᠪᠷᠡᠨᠳ᠋᠂ ᠡᠳᠦᠷ ᠲᠤᠲᠤᠮ ᠤᠨ ᠬᠤᠪᠴᠠᠰᠤᠨ ᠤ ᠲᠥᠷᠥᠯ ᠢᠶᠡᠷ᠄ ︽ᠬᠣᠣᠰᠯᠠᠯ︾ ᠪᠷᠡᠨᠳ᠋᠂ ᠦᠨᠳᠦᠰᠦᠨ ᠦ ᠡᠯᠧᠮᠧᠨᠲ ᠪᠦᠬᠦᠢ ᠣᠷᠴᠢᠨ ᠦᠶ᠎ᠡ ᠶᠢᠨ ᠬᠤᠪᠴᠠᠰᠤᠨ ᠤ ᠲᠥᠷᠥᠯ ᠢᠶᠡᠷ᠄ ︽Sho Sho︾ ᠪᠷᠡᠨᠳ᠋᠂ ᠭᠤᠶᠤᠯᠠᠯ ᠤᠨ ᠳᠠᠱᠢᠨᠵᠠᠨ ᠤ ᠲᠥᠷᠥᠯ ᠢᠶᠡᠷ᠄ ︽ᠠᠮᠤᠷ︾ ᠪᠷᠡᠨᠳ᠋ ᠰᠢᠯᠭᠠᠷᠠᠭᠰᠠᠨ ᠪᠣᠯ  ᠭᠷᠡᠨᠫᠷᠢ ᠱᠠᠩᠨᠠᠯ ᠢ ︽Spesial-25︾ ᠪᠷᠡᠨᠳ᠋ ᠬᠦᠷᠲᠡᠯ᠎ᠡ᠃

ᠰᠡᠳᠬᠢᠭᠳᠡᠯ ᠦᠯᠡᠳᠡᠭᠡᠬᠦ