ᠠᠶᠢᠮᠠᠭ ᠤᠨ ᠳᠤᠭᠤᠢ ᠶᠢᠨ ᠠᠪᠤᠷᠭᠤ ᠨᠤᠭᠤᠳ ᠲᠣᠳᠣᠷᠠᠪᠠ | News.MN

ᠠᠶᠢᠮᠠᠭ ᠤᠨ ᠳᠤᠭᠤᠢ ᠶᠢᠨ ᠠᠪᠤᠷᠭᠤ ᠨᠤᠭᠤᠳ ᠲᠣᠳᠣᠷᠠᠪᠠ

ᠤᠪᠰᠤ ᠠᠶᠢᠮᠠᠭ ᠤᠨ ᠳᠤᠭᠤᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠢ ᠬᠤᠶᠠᠳᠠᠬᠢ ᠵᠢᠯ ᠳᠦ ᠪᠡᠨ ᠳᠤᠭᠤᠢ ᠶᠢᠨ ᠬᠣᠯᠪᠣᠭᠠᠨ ᠠᠴᠠ ᠠᠮᠵᠢᠯᠲᠠᠲᠠᠢ ᠵᠣᠬᠢᠶᠠᠨ ᠪᠠᠶᠢᠭᠤᠯᠤᠯ᠎ᠠ᠃
ᠠᠩᠬᠠᠨ ᠤ ᠲᠡᠮᠡᠴᠡᠭᠡᠨ ᠳᠦ 9 ᠨᠠᠰᠤᠨ ᠤ ᠠᠩᠭᠢᠯᠠᠯ ᠳᠤ 60 ᠭᠠᠷᠤᠢ ᠲᠠᠮᠢᠷᠴᠢᠨ ᠣᠷᠣᠯᠴᠠᠵᠤ ᠪᠠᠶᠢᠭᠰᠠᠨ ᠪᠣᠯ ᠡᠨᠡ ᠤᠳᠠᠭ᠎ᠠ ᠶᠢᠨ ᠲᠡᠮᠡᠴᠡᠭᠡᠨ ᠳᠦ 13 ᠨᠠᠰᠤᠨ ᠤ ᠠᠩᠭᠢᠯᠠᠯ ᠳᠤ 130 ᠣᠷᠴᠢᠮ ᠲᠠᠮᠢᠷᠴᠢᠨ ᠥᠷᠢᠰᠦᠯᠳᠦᠭᠰᠡᠨ ᠨᠢ ᠳᠤᠭᠤᠢ ᠶᠢᠨ ᠰᠫᠣᠷᠲ ᠢᠶᠠᠷ ᠬᠢᠴᠢᠶᠡᠯᠯᠡᠭᠰᠡᠳ ᠦᠨ ᠲᠣᠭ᠎ᠠ ᠵᠢᠯ ᠢᠷᠡᠬᠦ ᠲᠤᠰᠤᠮ ᠨᠡᠮᠡᠭᠳᠡᠭᠰᠡᠭᠡᠷ ᠪᠠᠶᠢᠭ᠎ᠠ ᠶᠢ ᠬᠠᠷᠠᠭᠤᠯᠤᠯ᠎ᠠ᠃ ᠨᠡᠶᠢᠲᠡ ᠳᠦ ᠪᠡᠨ 10 ᠰᠠᠶ᠎ᠠ ᠲᠥᠭᠥᠷᠢᠭ ᠦᠨ ᠱᠠᠩᠨᠠᠯ ᠤᠨ ᠰᠠᠩ ᠲᠠᠢ ᠡᠨᠡ ᠤᠳᠠᠭ᠎ᠠ ᠶᠢᠨ ᠲᠡᠮᠡᠴᠡᠭᠡᠨ ᠦ ᠶᠡᠷᠦᠩᠬᠡᠢ ᠢᠪᠡᠭᠡᠨ ᠲᠡᠳᠬᠦᠭᠴᠢ ᠪᠡᠷ Cannondale Mongolia ᠺᠤᠮᠫᠠᠨᠢ ᠠᠵᠢᠯᠯᠠᠭᠰᠠᠨ ᠶᠤᠮ᠃
ᠲᠡᠮᠡᠴᠡᠭᠡᠨ ᠳᠦ ᠤᠪᠰᠤ ᠠᠶᠢᠮᠠᠭ ᠤᠨ ᠲᠡᠰ ᠰᠤᠮᠤ ᠶᠢᠨ ᠤᠤᠭᠠᠯ᠂ ᠠᠽᠢᠶ᠎ᠠ ᠨᠣᠮᠣᠬᠠᠨ ᠳᠠᠯᠠᠢ ᠶᠢᠨ ᠣᠷᠣᠨ ᠨᠤᠭᠤᠳ ᠤᠨ ᠠᠬᠠᠮᠠᠳ ᠤᠨ ᠣᠯᠢᠮᠫ ᠤᠨ 18 ᠺᠢᠯᠣᠮᠧᠲ᠋ᠷ ᠦᠨ ᠵᠠᠢ ᠳᠤ 70 ᠍ ᠠᠴᠠ ᠳᠡᠭᠡᠭᠰᠢ ᠨᠠᠰᠤᠨ ᠤ ᠠᠩᠭᠢᠯᠠᠯ ᠳᠤ ᠣᠷᠣᠯᠴᠠᠵᠤ ᠠᠪᠤᠷᠭᠤ ᠶᠢᠨ ᠠᠯᠲᠠᠨ ᠮᠧᠳᠠᠯ ᠬᠦᠷᠲᠡᠭᠰᠡᠨ᠂ ᠮᠣᠩᠭᠣᠯ ᠤᠯᠤᠰ ᠤᠨ 34 ᠤᠳᠠᠭ᠎ᠠ ᠶᠢᠨ ᠠᠪᠤᠷᠭᠤ᠂ ᠳᠤᠭᠤᠢ ᠶᠢᠨ ᠰᠫᠣᠷᠲ ᠤᠨ ᠣᠯᠠᠨ ᠤᠯᠤᠰ ᠤᠨ ᠬᠡᠮᠵᠢᠶᠡᠨ ᠦ ᠮᠠᠰᠲ᠋ᠸᠷ ᠲᠣᠭᠲᠠᠬᠤ ᠶᠢᠨ ᠫᠦᠷᠪᠦᠳᠣᠷᠵᠢ ᠬᠦᠷᠦᠯᠴᠡᠨ ᠢᠷᠡᠵᠦ ᠣᠷᠣᠯᠴᠠᠨ ᠵᠠᠯᠠᠭᠤᠴᠤᠳ ᠲᠠᠢ ᠤᠷᠤᠯᠳᠤᠵᠤ ᠲᠦᠷᠦᠭᠦᠯᠡᠭᠰᠡᠨ ᠨᠢ ᠦᠨᠡᠬᠡᠷ ᠪᠠᠬᠠᠷᠬᠠᠮ᠎ᠠ ᠪᠠᠶᠢᠯ᠎ᠠ᠃

ᠰᠡᠳᠬᠢᠭᠳᠡᠯ ᠦᠯᠡᠳᠡᠭᠡᠬᠦ