ᠬᠢᠲᠠᠳ  ᠤᠨ ᠬᠣᠶᠠᠷ ᠡᠲᠡᠭᠡᠳ ᠢ ᠴᠠᠭᠳᠠᠨ ᠬᠣᠷᠢᠵᠠᠢ | News.MN

ᠬᠢᠲᠠᠳ  ᠤᠨ ᠬᠣᠶᠠᠷ ᠡᠲᠡᠭᠡᠳ ᠢ ᠴᠠᠭᠳᠠᠨ ᠬᠣᠷᠢᠵᠠᠢ

ᠲᠠᠪᠤᠳᠤᠭᠠᠷ ᠰᠠᠷ᠎ᠠ ᠶᠢᠨ 23 ᠍ ᠤ ᠡᠳᠦᠷ ᠰᠣᠩᠭᠢᠨ᠎ᠠ ᠬᠠᠶᠢᠷᠠᠬᠨ ᠳᠡᠭᠦᠷᠭᠡ ᠳ᠋ᠡᠬᠢ ᠮᠡᠷᠭᠡᠵᠢᠯ ᠦᠨ ᠬᠢᠨᠠᠯᠲᠠ ᠶᠢᠨ ᠬᠡᠯᠲᠡᠰ᠂ ᠴᠠᠭᠳᠠᠭ᠎ᠠ ᠶᠢᠨ ᠨᠢᠭᠡᠳᠦᠭᠡᠷ ᠬᠡᠯᠲᠡᠰ᠂ ᠡᠷᠡᠭᠦᠦ ᠶᠢᠨ ᠴᠠᠭᠳᠠᠭ᠎ᠠ ᠶᠢᠨ ᠭᠠᠵᠠᠷ ᠲᠠᠢ ᠬᠠᠮᠲᠤᠷᠠᠨ ᠡᠮᠡᠭᠡᠯᠲᠦ ᠳᠦ ᠪᠠᠶᠢᠷᠢᠯᠠᠬᠤ ︽ТМ ᠡᠺᠣ ᠬᠦᠨᠡᠰᠦ︾ ᠺᠤᠮᠫᠠᠨᠢ ᠶᠢᠨ ᠡᠵᠡᠮᠰᠢᠯ ᠦᠨ ᠮᠢᠬ᠎ᠠ ᠱᠤᠯᠤᠬᠤ ᠲᠠᠰᠤᠭ ᠲᠤ ᠬᠢᠨᠠᠯᠲᠠ ᠰᠢᠯᠭᠠᠯᠲᠠ ᠬᠢᠵᠦ ᠤᠯᠠᠮ ᠢᠶᠠᠷ ᠶᠡᠬᠡ ᠬᠡᠮᠵᠢᠶᠡᠨ ᠦ ᠮᠢᠬ᠎ᠠ ᠬᠠᠤᠯᠢ ᠪᠤᠰᠤ ᠪᠠᠷ ᠬᠠᠳᠠᠭᠠᠯᠠᠵᠤ ᠪᠠᠶᠢᠭᠰᠠᠨ ᠢ ᠢᠯᠡᠷᠡᠭᠦᠯᠦᠨ ᠲᠠᠰᠤᠯᠤᠨ ᠵᠣᠭᠰᠣᠭᠠᠭᠰᠠᠨ ᠪᠢᠯᠡ ᠃ ᠬᠢᠨᠠᠯᠲᠠ ᠰᠢᠯᠭᠠᠯᠲᠠ ᠪᠠᠷ ᠭᠠᠷᠤᠯ ᠡᠭᠦᠰᠦᠯ ᠨᠢ ᠲᠣᠳᠣᠷᠬᠠᠢ ᠦᠭᠡᠢ᠂ ᠬᠦᠨᠡᠰᠦᠨ ᠳᠦ ᠵᠣᠷᠢᠭᠤᠯᠤᠨ ᠪᠡᠯᠡᠳᠬᠡᠭᠡ ᠦᠭᠡᠢ᠂ ᠮᠡᠳᠡᠷᠡᠬᠦᠢ ᠶᠢᠨ ᠦᠵᠡᠭᠦᠯᠦᠯᠲᠡ ᠪᠡᠷ ᠦᠬᠦᠭᠰᠡᠨ ᠮᠠᠯ ᠤᠨ ᠬᠢ ᠪᠠᠶᠢᠵᠤ ᠪᠣᠯᠵᠣᠰᠢ ᠦᠭᠡᠢ᠂ 25 ᠭᠠᠷᠤᠢ ᠲᠣᠨ ᠦᠬᠡᠷ ᠦᠨ ᠮᠢᠬ᠎ᠠ ᠪᠠᠶᠢᠭᠰᠠᠨ ᠢ ᠢᠯᠡᠷᠡᠭᠦᠯᠵᠡᠢ᠃ ᠲᠤᠰ ᠮᠢᠬᠠᠨ ᠠᠴᠠ ᠳᠡᠭᠡᠵᠢ ᠠᠪᠴᠤ ᠯᠠᠪᠤᠷᠠᠲ᠋ᠣᠷᠢ ᠶᠢᠨ ᠰᠢᠨᠵᠢᠯᠡᠭᠡᠨ ᠳᠦ ᠥᠭᠭᠦᠭᠰᠡᠨ ᠪᠥᠭᠡᠳ ᠬᠠᠷᠢᠭᠤ ᠨᠢ ᠡᠴᠦᠰᠯᠡᠨ ᠭᠠᠷᠤᠭ᠎ᠠ ᠦᠭᠡᠢ ᠪᠠᠶᠢᠭ᠎ᠠ ᠲᠤᠬᠠᠢ ᠠᠯᠪᠠᠨ ᠠᠴᠠ ᠮᠡᠳᠡᠭᠡᠯᠡᠵᠦ ᠪᠠᠶᠢᠨ᠎ᠠ᠃ ᠡᠨᠡ ᠬᠡᠷᠡᠭ ᠲᠡᠢ ᠬᠣᠯᠪᠣᠭᠳᠠᠭᠤᠯᠤᠨ ᠬᠢᠲᠠᠳ ᠤᠨ ᠢᠷᠭᠡᠨ ᠶᠤ᠂ ᠪ ᠨᠠᠷ ᠢ ᠰᠡᠵᠢᠭᠲᠡᠨ ᠢᠶᠡᠷ ᠲᠣᠭᠠᠴᠠᠨ ᠪᠠᠷᠢᠪᠴᠢᠯᠠᠵᠤ᠂ 461 ᠳ᠋ᠤᠭᠡᠷ ᠠᠩᠭᠢ ᠳᠤ ᠰᠠᠭᠠᠳᠠᠭᠤᠯᠤᠨ ᠰᠢᠯᠭᠠᠵᠤ ᠪᠠᠶᠢᠨ᠎ᠠ᠃
ᠴᠠᠭᠳᠠᠭ᠎ᠠ ᠶᠢᠨ ᠶᠡᠷᠦᠩᠬᠡᠢ ᠭᠠᠵᠠᠷ ᠤᠨ ᠬᠡᠪᠯᠡᠯ ᠮᠡᠳᠡᠭᠡᠯᠡᠯ ᠦᠨ ᠲᠥᠪ ᠦᠨ ᠳᠠᠷᠤᠭ᠎ᠠ᠂ ᠴᠠᠭᠳᠠᠭ᠎ᠠ ᠶᠢᠨ  ᠬᠤᠷᠠᠩᠳᠠ ᠪ∙ᠪᠠᠭᠠᠲᠤᠷᠬᠦᠦ ᠄ ᠤᠷᠢᠳᠴᠢᠯᠠᠭᠰᠠᠨ ᠪᠠᠶᠢᠳᠠᠯ ᠢᠶᠠᠷ ᠦᠬᠡᠷ ᠦᠨ 25 ᠣᠷᠴᠢᠮ ᠲᠣᠨ ᠮᠠᠭᠤᠳᠠᠭᠰᠠᠨ ᠮᠢᠬ᠎ᠠ ᠶᠢ ᠬᠠᠳᠠᠭᠠᠯᠠᠵᠤ᠂ ᠪᠡᠯᠡᠳᠬᠡᠵᠦ ᠪᠠᠶᠢᠭᠰᠠᠨ ᠨᠢ ᠲᠣᠭᠲᠠᠭᠠᠭᠳᠠᠭᠰᠠᠨ᠃ ᠮᠢᠬᠠᠨ ᠤ ᠥᠩᠭᠡ᠂ ᠦᠨᠦᠷ ᠵᠡᠷᠭᠡ ᠶᠢ ᠦᠨᠳᠦᠰᠦᠯᠡᠨ ᠮᠡᠷᠭᠡᠵᠢᠯ ᠦᠨ ᠬᠢᠨᠠᠯᠲᠠ ᠶᠢᠨ ᠪᠠᠶᠢᠭᠤᠯᠤᠯᠭ᠎ᠠ ᠮᠠᠭᠤᠳᠠᠭᠰᠠᠨ ᠭᠡᠵᠦ ᠦᠵᠡᠵᠦ ᠪᠠᠶᠢᠭ᠎ᠠ᠃  ᠬᠠᠷᠠᠯᠠᠭᠰᠠᠨ᠂ ᠡᠪ ᠦᠭᠡᠢ ᠦᠨᠦᠷ ᠲᠡᠢ ᠮᠢᠬ᠎ᠠ ᠶᠢ ᠬᠥᠷᠦᠭᠡᠭᠦᠷ ᠦᠭᠡᠢ ᠴᠢᠩᠭᠡᠯᠢᠭ ᠲᠦ ᠬᠠᠳᠠᠭᠠᠯᠠᠵᠤ ᠪᠠᠶᠢᠭᠰᠠᠨ᠃ ᠲᠤᠬᠠᠢ ᠶᠢᠨ ᠮᠢᠬ᠎ᠠ ᠪᠠᠨ ᠲᠣᠮᠣ ᠰᠠᠪᠠ ᠲᠠᠢ ᠠᠭᠤᠰᠤᠮᠠᠯ ᠳᠤ ᠬᠢᠵᠦ ᠭᠠᠷᠭᠠᠭᠠᠳ ᠶᠠᠰᠤᠨ ᠠᠴᠠ ᠨᠢ ᠱᠤᠯᠤᠵᠤ᠂ ᠰᠠᠪᠠᠯᠠᠭᠠᠳ ᠬᠥᠯᠳᠡᠭᠡᠬᠦ ᠦᠢᠯᠡ ᠶᠠᠪᠤᠴᠠ ᠬᠢᠭᠳᠡᠵᠦ ᠪᠠᠶᠢᠭᠰᠠᠨ ᠨᠢ ᠲᠣᠭᠲᠠᠭᠠᠭᠳᠠᠭᠰᠠᠨ᠃ ᠰᠢᠩᠭᠡᠨ ᠠᠭᠤᠰᠤᠮᠠᠯ ᠨᠢ ᠶᠠᠮᠠᠷ ᠨᠠᠶᠢᠷᠠᠯᠭ᠎ᠠ ᠲᠠᠢ ᠶᠢ ᠲᠣᠳᠣᠷᠠᠭᠤᠯᠬᠤ ᠪᠠᠷ ᠮᠡᠷᠭᠡᠵᠢᠯ ᠦᠨ ᠬᠢᠨᠠᠯᠲᠠ ᠶᠢᠨ ᠪᠠᠶᠢᠭᠤᠯᠤᠯᠭ᠎ᠠ ᠠᠭᠤᠰᠤᠮᠠᠯ ᠪᠣᠯᠤᠨ ᠮᠢᠬᠠᠨ ᠠᠴᠠ ᠰᠢᠨᠵᠢᠯᠡᠭᠡ ᠠᠪᠤᠭᠰᠠᠨ᠃ ᠣᠳᠣ ᠪᠠᠷ ᠰᠢᠨᠵᠢᠯᠡᠭᠡᠨ ᠦ ᠬᠠᠷᠢᠭᠤ ᠭᠠᠷᠤᠭ᠎ᠠ ᠦᠭᠡᠢ ᠪᠠᠶᠢᠨ᠎ᠠ᠃ ᠤᠷᠢᠳᠴᠢᠯᠠᠭᠰᠠᠨ ᠪᠠᠶᠢᠳᠠᠯ ᠢᠶᠠᠷ ᠲᠤᠬᠠᠢ ᠶᠢᠨ  ᠤᠪᠶ᠋ᠸᠺᠲ ᠢ ᠲᠦᠷᠢᠶᠡᠰᠦ ᠪᠡᠷ ᠠᠰᠢᠭᠯᠠᠵᠤ ᠪᠠᠶᠢᠭᠰᠠᠨ ᠭᠡᠵᠦ ᠪᠠᠶᠢᠭ᠎ᠠ ᠪᠥᠭᠡᠳ ᠮᠢᠬᠠᠨ ᠤ ᠭᠠᠷᠤᠯ ᠡᠭᠦᠰᠦᠯ ᠦᠨ ᠪᠢᠴᠢᠭ ᠪᠣᠯᠤᠨ ᠡᠨᠡ ᠴᠢᠭᠯᠡᠯ ᠢᠶᠡᠷ ᠦᠢᠯᠡ ᠠᠵᠢᠯᠯᠠᠭ᠎ᠠ ᠶᠠᠪᠤᠭᠤᠯᠬᠤ ᠵᠥᠪᠰᠢᠶᠡᠷᠡᠯ ᠭᠠᠷᠴᠤ ᠢᠷᠡᠭᠡ ᠦᠭᠡᠢ᠃ ᠰᠢᠯᠭᠠᠯᠲᠠ ᠦᠷᠭᠦᠯᠵᠢᠯᠡᠨ᠎ᠡ᠃ ᠪᠡᠯᠡᠳᠬᠡᠭᠰᠡᠨ ᠮᠢᠬ᠎ᠠ ᠪᠠᠨ ᠤᠯᠠᠭᠠᠨᠪᠠᠭᠠᠲᠤᠷ ᠤᠨ ᠬᠦᠨᠡᠰᠦᠨ ᠦ ᠬᠡᠷᠡᠭᠴᠡᠭᠡᠨ ᠳᠦ ᠨᠡᠶᠢᠯᠡᠭᠦᠯᠬᠦ ᠭᠡᠵᠦ ᠪᠠᠶᠢᠭᠰᠠᠨ ᠤᠤ᠂ ᠡᠰᠡᠪᠡᠯ ᠡᠺᠰᠫᠤᠷᠲᠯᠤᠬᠤ ᠵᠣᠷᠢᠯᠭ᠎ᠠ ᠲᠠᠢ ᠪᠠᠶᠢᠭᠰᠠᠨ ᠤᠤ ᠭᠡᠳᠡᠭ ᠢ ᠣᠳᠣ ᠪᠠᠷ ᠲᠣᠭᠲᠠᠭᠠᠭ᠎ᠠ ᠦᠭᠡᠢ ᠪᠠᠶᠢᠨ᠎ᠠ ᠭᠡᠪᠡ᠃

ᠰᠡᠳᠬᠢᠭᠳᠡᠯ ᠦᠯᠡᠳᠡᠭᠡᠬᠦ