ᠣᠯᠠᠨ ᠵᠢᠯ ᠵᠠᠪᠰᠠᠷᠯᠠᠭᠰᠠᠨ ᠳᠤᠭᠤᠢ ᠶᠢᠨ ᠤᠷᠤᠯᠳᠤᠭᠠᠨ ᠪᠣᠯᠪᠠ | News.MN

ᠣᠯᠠᠨ ᠵᠢᠯ ᠵᠠᠪᠰᠠᠷᠯᠠᠭᠰᠠᠨ ᠳᠤᠭᠤᠢ ᠶᠢᠨ ᠤᠷᠤᠯᠳᠤᠭᠠᠨ ᠪᠣᠯᠪᠠ

2019 ᠣᠨ ᠤ 9 ᠳ᠋ᠤᠭᠡᠷ ᠰᠠᠷ᠎ᠠ ᠳᠤ ᠵᠣᠬᠢᠶᠠᠨ ᠪᠠᠶᠢᠭᠤᠯᠬᠤ ᠮᠣᠩᠭᠣᠯ ᠤᠨ ᠰᠫᠣᠷᠲ ᠤᠨ ᠵᠢᠷᠭᠤᠳᠤᠭᠠᠷ ᠶᠡᠬᠡ ᠨᠠᠭᠠᠳᠤᠮ ᠤᠨ ᠳᠤᠭᠤᠢ ᠶᠢᠨ ᠰᠫᠣᠷᠲ ᠤᠨ ᠲᠥᠷᠥᠯ ᠳᠦ ᠤᠷᠤᠯᠴᠠᠬᠤ ᠲᠠᠮᠢᠷᠴᠢᠳ ᠢ ᠰᠤᠩᠭᠤᠬᠤ ᠵᠣᠷᠢᠯᠭ᠎ᠠ ᠪᠦᠬᠦᠢ ᠰᠡᠯᠡᠩᠭᠡ ᠠᠶᠢᠮᠠᠭ ᠤᠨ ᠠᠪᠤᠷᠭᠤ ᠰᠢᠯᠭᠠᠷᠠᠭᠤᠯᠬᠤ ᠳᠤᠭᠤᠢ ᠶᠢᠨ ᠰᠫᠣᠷᠲ ᠤᠨ ᠤᠷᠤᠯᠳᠤᠭᠠᠨ ᠰᠦᠬᠡᠪᠠᠭᠠᠲᠤᠷ ᠰᠤᠮᠤᠨ ᠳᠤ ᠪᠣᠯᠤᠯ᠎ᠠ᠃
ᠤᠭ ᠤᠷᠤᠯᠳᠤᠭᠠᠨ ᠢ ᠳᠤᠭᠤᠢ ᠶᠢᠨ ᠰᠫᠣᠷᠲ ᠤᠨ ᠮᠠᠰᠲ᠋ᠸᠷ ᠳ∙ᠡᠷᠳᠡᠨᠢᠪᠠᠲᠤ ᠶᠢᠨ ᠨᠡᠷᠡᠮᠵᠢᠲᠦ ᠪᠣᠯᠭᠠᠨ ᠵᠣᠬᠢᠶᠠᠨ ᠶᠠᠪᠤᠭᠤᠯᠪᠠ᠃ ᠲᠡᠮᠡᠴᠡᠭᠡᠨ ᠳᠦ 16 ᠬᠦᠷᠲᠡᠯᠡᠬᠢ ᠨᠠᠰᠤ᠂ 17-18 ᠨᠠᠰᠤᠨ ᠤ ᠨᠡᠶᠢᠲᠡ 90 ᠭᠠᠷᠤᠢ ᠥᠰᠪᠦᠷᠢ ᠶᠢᠨ ᠳᠤᠭᠤᠢ ᠲᠠᠢ ᠲᠠᠮᠢᠷᠴᠢᠨ ᠣᠷᠣᠯᠴᠠᠵᠤ ᠠᠪᠤᠷᠭᠤ ᠪᠠᠨ ᠲᠣᠳᠣᠷᠠᠭᠤᠯᠵᠠᠢ᠃ ᠢᠩᠭᠢᠭᠡᠳ 16 ᠬᠦᠷᠲᠡᠯᠡᠬᠢ ᠨᠠᠰᠤᠨ ᠤ ᠡᠷᠡᠭᠲᠡᠢ ᠲᠡᠷᠢᠭᠦᠨ ᠪᠠᠶᠢᠷᠢ ᠳᠤ ᠣ᠊∙ᠮᠥᠩᠬᠡ-ᠣᠳᠣ᠂ ᠡᠮᠡᠭᠲᠡᠶᠢᠴᠦᠳ ᠡᠴᠡ ᠣ᠊∙ ᠬᠠᠯᠢᠭᠤᠨ᠂ 17-18 ᠨᠠᠰᠤᠨ ᠤ ᠡᠷᠡᠭᠲᠡᠶᠢᠴᠦᠳ ᠲᠦ ᠭ∙ᠠᠮᠤᠷᠲᠦ᠋ᠪᠰᠢᠨ᠂ ᠡᠮᠡᠭᠲᠡᠶᠢᠴᠦᠳ ᠡᠴᠡ ᠨ᠂ ᠯᠾᠠᠮᠴᠡᠷᠮ᠎ᠡ ᠨᠠᠷ ᠰᠢᠯᠭᠠᠷᠠᠭᠰᠠᠨ ᠪᠠᠶᠢᠨ᠎ᠠ᠃ ᠡᠨᠡᠬᠦ ᠳᠤᠭᠤᠢ ᠶᠢᠨ ᠤᠷᠤᠯᠳᠤᠭᠠᠨ ᠨᠢ ᠣᠯᠠᠨ ᠵᠢᠯ ᠵᠠᠪᠰᠠᠷᠯᠠᠭᠰᠠᠨ ᠤ ᠳᠠᠷᠠᠭ᠎ᠠ ᠪᠣᠯᠵᠤ ᠪᠤᠢ ᠪᠠᠷ ᠢᠶᠠᠨ ᠣᠨᠴᠠᠯᠢᠭ ᠲᠠᠢ ᠪᠠᠶᠢᠪᠠ᠃

ᠰᠡᠳᠬᠢᠭᠳᠡᠯ ᠦᠯᠡᠳᠡᠭᠡᠬᠦ