︽ᠮᠣᠩᠭᠣᠯ ᠤᠨ ᠨᠢᠭᠤᠴᠠ ᠲᠤᠪᠴᠢᠶᠠᠨ︾ ᠢ ᠬᠦᠬᠡ ᠲᠤᠷᠭᠠᠨ ᠳᠡᠭᠡᠷ᠎ᠡ ᠤᠷᠠᠯᠠᠵᠠᠢ | News.MN

 ︽ᠮᠣᠩᠭᠣᠯ ᠤᠨ ᠨᠢᠭᠤᠴᠠ ᠲᠤᠪᠴᠢᠶᠠᠨ︾ ᠢ ᠬᠦᠬᠡ ᠲᠤᠷᠭᠠᠨ ᠳᠡᠭᠡᠷ᠎ᠡ ᠤᠷᠠᠯᠠᠵᠠᠢ

︽ᠮᠣᠩᠭᠣᠯ ᠤᠨ ᠨᠢᠭᠤᠴᠠ ᠲᠤᠪᠴᠢᠶᠠᠨ︾ ᠢ 180 ᠮᠧᠲ᠋ᠷ ᠬᠥᠬᠡ ᠲᠣᠷᠭᠠᠨ ᠳᠡᠭᠡᠷ᠎ᠡ ᠮᠣᠩᠭᠣᠯ ᠪᠢᠴᠢᠭ ᠢᠶᠡᠷ ᠤᠷᠠᠯᠠᠭᠰᠠᠨ ᠪᠦᠲᠦᠭᠡᠯ ᠢ ᠵᠠᠮ ᠤᠨ-ᠡᠭᠦᠳᠡ ᠰᠤᠮᠤ ᠶᠢᠨ ᠢᠷᠭᠡᠳ ᠲᠦ ᠦᠵᠡᠰᠬᠦᠯᠡᠩ ᠬᠡᠯᠪᠡᠷᠢ ᠪᠡᠷ ᠲᠠᠨᠢᠯᠴᠠᠭᠤᠯᠵᠠᠢ᠃ ᠳᠡᠭᠡᠷᠡᠬᠢ ᠪᠦᠲᠦᠭᠡᠯ ᠢ ᠰᠡᠳᠬᠦᠯᠴᠢ ᠬᠤᠩᠬᠢᠷᠠᠳ ᠤᠨ ᠪ∙ᠡᠩᠬᠡᠪᠠᠲᠤ ᠶᠢᠨ ᠭᠡᠷ ᠪᠦᠯᠢ ᠣᠯᠠᠨ ᠵᠢᠯ ᠦᠨ ᠡᠮᠦᠨ᠎ᠡ ᠤᠷᠠᠯᠠᠭᠰᠠᠨ ᠶᠤᠮ᠃ ᠨᠣᠮ ᠤᠨ ᠡᠬᠢᠨ ᠳᠦ ᠠᠯᠤᠩᠭᠤᠸ᠎ᠠ ᠡᠬᠡ ᠶᠢ ᠲᠠᠪᠤᠨ ᠬᠡᠦᠬᠡᠳ ᠲᠦ ᠪᠡᠨ ᠰᠤᠷᠭᠠᠯ ᠠᠶᠢᠯᠠᠳᠴᠤ ᠪᠤᠢ ᠪᠠᠷ ᠳᠦᠷᠰᠦᠯᠡᠭᠰᠡᠨ ᠪᠥᠭᠡᠳ ᠲᠣᠷᠭ᠎ᠠ ᠶᠢ ᠬᠠᠷ᠎ᠠ᠂ ᠰᠢᠷ᠎ᠠ᠂ ᠤᠯᠠᠭᠠᠨ᠂ ᠴᠠᠭᠠᠨ ᠭᠡᠰᠡᠨ ᠳᠥᠷᠪᠡᠨ ᠥᠩᠭᠡ ᠪᠡᠷ ᠡᠮᠵᠢᠵᠦ᠂ ᠲᠠᠪᠤᠨ ᠥᠩᠭᠡ ᠪᠡᠷ ᠤᠷᠠᠯᠠᠭᠰᠠᠨ ᠨᠢ ᠳᠡᠯᠡᠬᠡᠢ ᠶᠢᠨ ᠬᠦᠮᠦᠨ ᠵᠣᠨ ᠡᠩᠬᠡ ᠲᠠᠶᠢᠪᠤᠩ ᠢᠶᠠᠷ ᠤᠷᠤᠰᠢᠬᠤ ᠵᠡᠷᠭᠡ ᠭᠦᠨ ᠤᠳᠬ᠎ᠠ ᠠᠭᠤᠯᠭ᠎ᠠ ᠶᠢ ᠪᠡᠯᠭᠡᠳᠡᠭᠰᠡᠨ ᠪᠠᠶᠢᠨ᠎ᠠ᠃
ᠮᠥᠨ ᠮᠣᠩᠭᠣᠯ ᠡᠮᠡᠭᠲᠡᠶᠢᠴᠦᠳ ᠦᠨ ᠣᠶᠣᠳᠠᠯ᠂ ᠬᠠᠳᠬᠤᠮᠠᠯ ᠤᠨ ᠠᠷᠭ᠎ᠠ ᠬᠡᠯᠪᠡᠷᠢ ᠪᠣᠯᠬᠤ ᠵᠡᠭᠦᠦ ᠣᠷᠢᠶᠠᠬᠤ᠂ ᠵᠡᠭᠡᠭᠲᠦ ᠨᠠᠭᠠᠮᠠᠯ᠂ ᠤᠲᠠᠰᠤ ᠳᠠᠷᠤᠬᠤ᠂ ᠬᠣᠨᠢᠨ ᠬᠣᠯᠪᠣᠭᠠᠰᠤ ᠪᠠᠷ ᠤᠶᠤᠬᠤ ᠵᠡᠷᠭᠡ 40 ᠭᠠᠷᠤᠢ ᠨᠡᠷ᠎ᠡ ᠲᠥᠷᠥᠯ ᠦᠨ ᠠᠷᠭ᠎ᠠ ᠶᠢ ᠠᠰᠢᠭᠯᠠᠭᠰᠠᠨ ᠠᠵᠠᠢ᠃ ᠡᠯ᠎ᠡ ᠪᠦᠲᠦᠭᠡᠯ ᠢ ᠠᠶᠠᠯᠠᠯ ᠵᠢᠭᠤᠯᠴᠢᠯᠠᠯ ᠢ ᠬᠥᠭᠵᠢᠭᠦᠯᠬᠦ᠂ ᠣᠯᠠᠨ ᠤᠯᠤᠰ ᠲᠤ ᠡᠬᠡ ᠣᠷᠣᠨ ᠢᠶᠠᠨ ᠰᠤᠷᠲᠠᠯᠴᠢᠯᠠᠬᠤ᠂ ᠡᠬᠡ ᠲᠡᠦᠬᠡ ᠪᠡᠷ ᠢᠶᠡᠨ ᠪᠠᠬᠠᠷᠬᠠᠬᠤ ᠦᠵᠡᠯ ᠢ ᠬᠣᠶᠢᠴᠢ ᠦᠶ᠎ᠡ ᠳᠦ ᠲᠥᠯᠦᠪᠰᠢᠭᠦᠯᠬᠦ ᠵᠣᠷᠢᠯᠭ᠎ᠠ ᠪᠠᠷ ᠤᠷᠠᠯᠠᠭᠰᠠᠨ ᠲᠡᠳᠦᠢ ᠦᠭᠡᠢ ᠭᠢᠨᠢᠰ ᠦᠨ ᠨᠣᠮ ᠳᠤ ᠤᠷᠤᠬᠤ ᠠᠪᠤᠷᠭᠤ ᠲᠣᠮᠣ  ᠪᠦᠲᠦᠭᠡᠯ ᠪᠣᠯᠤᠭᠰᠠᠨ ᠢᠶᠠᠷ ᠢᠶᠠᠨ ᠣᠨᠴᠠᠯᠢᠭ ᠶᠤᠮ ᠭᠡᠵᠦ ᠤᠷᠠᠯᠠᠭᠠᠴᠢᠳ ᠶᠠᠷᠢᠪᠠ᠃

ᠰᠡᠳᠬᠢᠭᠳᠡᠯ ᠦᠯᠡᠳᠡᠭᠡᠬᠦ