ᠵ∙ᠣᠶᠤᠨᠭᠡᠷᠡᠯ ᠠᠯᠲᠠᠨ ᠫᠢᠶᠠᠨᠰᠠ ᠶᠢ 11 ᠰᠠᠶ᠎ᠠ ᠪᠠᠷ ᠠᠪᠤᠪᠠ   | News.MN

ᠵ∙ᠣᠶᠤᠨᠭᠡᠷᠡᠯ ᠠᠯᠲᠠᠨ ᠫᠢᠶᠠᠨᠰᠠ ᠶᠢ 11 ᠰᠠᠶ᠎ᠠ ᠪᠠᠷ ᠠᠪᠤᠪᠠ  

︽ᠴᠢᠩᠭᠢᠰ ᠬᠠᠭᠠᠨ︾ ᠤᠳᠤᠨᠲᠤ ᠂ ᠬᠥᠭᠵᠢᠮ ᠦᠨ ᠵᠣᠬᠢᠶᠠᠯᠴᠢ ᠪ∙ᠰᠢᠷᠠᠪ ᠤᠨ ︽ᠬᠣᠶᠠᠳᠤᠭᠠᠷ ᠰᠢᠮᠹᠣᠨᠢ︾ ᠠᠯᠲᠠᠨ ᠫᠢᠶᠠᠨᠰᠠ ᠶᠢ ︽ᠫᠧᠲ᠋ᠷᠣᠸᠢᠰ︾ ᠺᠣᠮᠫᠠᠨᠢ ᠶᠢᠨ ᠲᠥᠯᠥᠭᠡᠯᠡᠨ ᠤᠳᠤᠷᠢᠳᠬᠤ ᠵᠥᠪᠯᠡᠯ ᠦᠨ ᠳᠠᠷᠤᠭ᠎ᠠ ᠵ ∙ ᠣᠶᠤᠨᠭᠡᠷᠡᠯ 11 ᠰᠠᠶ᠎ᠠ ᠲᠥᠭᠥᠷᠢᠭ ᠢᠶᠡᠷ ᠬᠤᠳᠠᠯᠳᠤᠨ ᠠᠪᠴᠠᠢ᠃ ᠬᠥᠭᠵᠢᠮᠴᠢᠨ ᠡᠵᠢ ᠶᠢᠨ ᠥᠬᠢᠨ ᠲᠡᠷᠡᠪᠡᠷ  ︽ᠰᠢᠷᠠᠪ︾ ᠰᠠᠩ ᠢᠶᠠᠷ ᠢᠶᠠᠨ ᠳᠠᠮᠵᠢᠭᠤᠯᠤᠨ ᠬᠢᠭᠢᠯᠢᠴᠢᠳ᠂ ᠤᠳᠤᠷᠢᠳᠤᠭᠠᠴᠢᠳ ᠢ ᠳᠡᠮᠵᠢᠵᠦ ᠠᠵᠢᠯᠯᠠᠬᠤ ᠪᠠᠨ ᠮᠡᠳᠡᠭᠳᠡᠭᠰᠡᠨ ᠪᠠᠶᠢᠨ᠎ᠠ᠃ ᠮᠥᠨ ᠫᠢᠶᠠᠨᠰᠠᠨ ᠤ ᠪᠣᠷᠣᠯᠠᠭᠤᠯᠤᠯᠲᠠ ᠶᠢᠨ ᠣᠷᠣᠯᠭ᠎ᠠ ᠶᠢ ᠬᠥᠭᠵᠢᠮ ᠦᠨ ᠵᠣᠬᠢᠶᠠᠯᠴᠢ ᠶᠢᠨ ᠡᠮᠴᠢᠯᠡᠭᠡᠨ ᠳᠦ ᠵᠣᠷᠢᠭᠤᠯᠬᠤ ᠶᠤᠮ᠃
ᠮᠣᠩᠭᠣᠯᠴᠤᠳ ᠤᠨ ᠦᠨᠡᠲᠦ ᠥᠪ ᠲᠦ ᠲᠣᠭᠠᠴᠠᠭᠳᠠᠬᠤ ᠡᠨᠡᠬᠦ ᠪᠦᠲᠦᠭᠡᠯ ᠢ ᠳᠡᠯᠡᠬᠡᠢ ᠶᠢᠨ ᠠᠯᠳᠠᠷᠲᠠᠨ ᠨᠤᠭᠤᠳ ᠤᠨ ᠫᠢᠶᠠᠨᠰᠠ ᠶᠢ ᠦᠢᠯᠡᠳᠪᠦᠷᠢᠯᠡᠳᠡᠭ EMI 1440 ᠲᠥᠬᠥᠭᠡᠷᠦᠮᠵᠢ ᠪᠡᠷ ᠪᠦᠲᠦᠭᠡᠵᠦ ᠠᠮᠧᠷᠢᠺᠠ  ᠳᠦ 300 ᠬᠤᠪᠢ ᠬᠡᠪᠯᠡᠭᠦᠯᠦᠭᠰᠡᠨ ᠢ ᠬᠡᠳᠦᠬᠡᠨ ᠬᠣᠨᠣᠭ ᠤᠨ ᠡᠮᠦᠨ᠎ᠡ ᠠᠪᠴᠢᠷᠠᠭᠰᠠᠨ ᠪᠢᠯᠡ᠃ ︽ᠬᠣᠶᠠᠳᠤᠭᠠᠷ ᠰᠢᠮᠹᠣᠨᠢ︾ ᠲᠠᠪᠤᠨ ᠪᠦᠲᠦᠭᠡᠯ ᠡᠴᠡ ᠪᠦᠷᠢᠳᠦᠭᠰᠡᠨ ᠶᠤᠮ᠃

ᠰᠡᠳᠬᠢᠭᠳᠡᠯ ᠦᠯᠡᠳᠡᠭᠡᠬᠦ