︽ᠡᠯᠧᠺᠲ᠋ᠣᠷᠠᠲ︾ ᠬᠥᠳᠡᠯᠭᠡᠭᠡᠨ ᠵᠥᠪ ᠬᠦᠮᠦᠨ ᠢ ᠳᠡᠮᠵᠢᠨ᠎ᠡ | News.MN

︽ᠡᠯᠧᠺᠲ᠋ᠣᠷᠠᠲ︾ ᠬᠥᠳᠡᠯᠭᠡᠭᠡᠨ ᠵᠥᠪ ᠬᠦᠮᠦᠨ ᠢ ᠳᠡᠮᠵᠢᠨ᠎ᠡ

ᠮᠣᠩᠭᠣᠯ ᠤᠨ ᠲᠥᠷᠥ ᠨᠡᠶᠢᠭᠡᠮ ᠤᠨ ᠵᠢᠳᠬᠦᠯᠲᠡᠨ ᠨᠠᠷ ᠨᠢᠭᠡᠳᠴᠦ ︽ᠪᠡᠶ᠎ᠡ ᠳᠠᠭᠠᠭᠠᠨ ᠨᠡᠷ᠎ᠡ ᠳᠡᠪᠰᠢᠭᠴᠢᠳ ᠦᠨ ᠬᠣᠯᠪᠣᠭ᠎ᠠ︾ ᠨᠡᠷ᠎ᠡ ᠶᠢᠨ ᠳᠣᠣᠷ᠎ᠠ ᠤᠯᠤᠰ ᠤᠨ ᠶᠡᠬᠡ ᠬᠤᠷᠠᠯ ᠤᠨ ᠰᠣᠩᠭᠣᠭᠤᠯᠢ ᠳᠤ ᠨᠡᠷ᠎ᠡ ᠳᠡᠪᠰᠢᠬᠦ ᠬᠦᠮᠦᠰ ᠢ ᠲᠣᠳᠣᠷᠠᠭᠤᠯᠬᠤ ᠡᠯᠧᠺᠲ᠋ᠣᠷᠠᠲ ᠬᠥᠳᠡᠯᠭᠡᠭᠡᠨ ᠢ ᠪᠠᠶᠢᠭᠤᠯᠤᠭᠰᠠᠨ ᠲᠠᠯ᠎ᠠ ᠪᠠᠷ ᠪᠢᠳᠡ ᠮᠡᠳᠡᠭᠡᠯᠡᠵᠦ ᠪᠠᠶᠢᠭᠰᠠᠨ᠃ ᠲᠤᠰ ᠬᠥᠳᠡᠯᠭᠡᠭᠡᠨ 2019 ᠣᠨ ᠤ ᠭᠤᠷᠪᠠᠳᠤᠭᠠᠷ ᠰᠠᠷ᠎ᠠ ᠶᠢᠨ 28 ᠍ ᠳᠦ ᠪᠠᠶᠢᠭᠤᠯᠤᠭᠳᠠᠵᠤ 60 ᠭᠠᠷᠤᠢ  ᠭᠡᠰᠢᠭᠦᠨ ᠨᠢᠭᠡᠳᠴᠦ ᠭᠠᠷ ᠤᠨ ᠦᠰᠦᠭ ᠵᠢᠷᠤᠭᠰᠠᠨ᠃ ᠲᠤᠰ ᠬᠥᠳᠡᠯᠭᠡᠭᠡᠨ ᠢ ᠶᠡᠷᠦᠩᠬᠡᠢ ᠰᠠᠶᠢᠳ ᠠᠰᠠᠨ ᠳ∙ᠰᠣᠳᠨᠠᠮ᠂ ᠰᠠᠩ ᠤᠨ ᠰᠠᠶᠢᠳ ᠠᠰᠠᠨ ᠡ᠊∙ᠪᠢᠮᠪᠠᠵᠠᠪ᠂ ᠭᠠᠳᠠᠭᠠᠳᠤ ᠶᠠᠪᠤᠳᠠᠯ ᠤᠨ ᠶᠠᠮᠤᠨ ᠤ ᠰᠠᠶᠢᠳ ᠠᠰᠠᠨ ᠼ∙ᠭᠣᠮᠪᠣᠰᠦ᠋ᠷᠦᠩ᠂ ᠤᠯᠤᠰ ᠤᠨ ᠶᠡᠬᠡ ᠬᠤᠷᠠᠯ ᠤᠨ ᠭᠡᠰᠢᠭᠦᠨ ᠰᠠᠶᠢᠳ ᠠᠰᠠᠨ ᠰ∙ᠣᠶᠤᠨ᠂ ᠬᠠᠮᠪᠤ ᠯᠠᠮᠠ ᠳ∙ᠴᠣᠶᠢᠵᠠᠮᠰᠤ᠂ ᠲᠥᠷᠥ ᠶᠢᠨ ᠬᠣᠱᠣᠢ ᠰᠤᠶᠤᠷᠬᠠᠯᠲᠤ ᠬᠥᠭᠵᠢᠮ ᠦᠨ ᠵᠣᠬᠢᠶᠠᠯᠴᠢ ᠨ∙ᠵᠠᠩᠴᠢᠨᠨᠤᠷᠪᠤ᠂ ᠨᠡᠶᠢᠲᠡᠯᠡᠯᠴᠢ ᠪ∙ᠪᠠᠭᠠᠪᠤᠷ ᠨᠠᠷ ᠰᠠᠨᠠᠭᠠᠴᠢᠯᠠᠨ ᠪᠠᠶᠢᠭᠤᠯᠵᠤ᠂ ᠪᠠᠭ᠎ᠠ ᠦᠭᠡᠢ ᠠᠵᠢᠯ ᠢ ᠬᠢᠵᠡᠢ᠃
ᠤᠯᠤᠰ ᠤᠨ ᠶᠡᠬᠡ ᠬᠤᠷᠠᠯ ᠤᠨ ᠭᠡᠰᠢᠭᠦᠨ ᠠᠰᠠᠨ ᠽ∙ᠠᠯᠲᠠᠢ᠄ ᠤᠯᠤᠰ ᠲᠥᠷᠥ ᠶᠢᠨ ᠨᠠᠮ ᠤᠳ ᠤᠯᠤᠰ ᠣᠷᠣᠨ ᠢ ᠳᠠᠮᠫᠤᠤᠷᠠᠭᠤᠯᠬᠤ ᠶᠢᠨ ᠳᠡᠭᠡᠳᠦ ᠪᠡᠷ ᠳᠠᠮᠫᠤᠤᠷᠠᠭᠤᠯᠵᠤ ᠪᠠᠶᠢᠨ᠎ᠠ᠃ ᠪᠦᠭᠦᠳᠡ ᠯᠠ ᠬᠠᠷᠠᠵᠤ ᠪᠠᠶᠢᠭ᠎ᠠ ᠣᠶᠢᠯᠠᠭᠠᠮᠵᠢᠲᠠᠢ ᠶᠠᠭᠤᠮ᠎ᠠ ᠶᠢ ᠳ᠋ᠦᠩᠨᠡᠭᠡᠳ ᠶᠠᠭᠠᠬᠢᠬᠤᠪ᠃ ᠨᠢᠭᠡ ᠶᠠᠭᠤᠮ᠎ᠠ ᠪᠣᠳᠣᠬᠤ ᠦᠭᠡᠢ ᠪᠣᠯ ᠡᠨᠡ ᠤᠯᠤᠰ ᠣᠷᠣᠨ ᠡᠪᠭᠦᠶᠢᠲᠡᠯ᠎ᠡ ᠭᠡᠳᠡᠭ ᠢ ᠪᠦᠬᠦ ᠢᠷᠭᠡᠳ ᠮᠡᠳᠡᠵᠦ ᠪᠠᠶᠢᠭ᠎ᠠ᠃ ᠶᠡᠷᠦ ᠨᠢ ᠡᠨᠳᠡ ᠴᠤᠭᠯᠠᠷᠠᠭᠰᠠᠨ ᠬᠦᠮᠦᠰ ᠢᠷᠭᠡᠨ ᠦ ᠪᠡᠨ ᠡᠭᠦᠷᠭᠡ ᠶᠢ ᠯᠠ ᠪᠡᠶᠡᠯᠡᠭᠦᠯᠬᠦ ᠭᠡᠵᠦ ᠢᠷᠡᠭᠰᠡᠨ ᠬᠦᠮᠦᠰ᠃

ᠨᠡᠶᠢᠲᠡᠯᠡᠯᠴᠢ ᠪ∙ᠪᠠᠭᠠᠪᠤᠷ᠄ ᠮᠣᠩᠭᠣᠯ ᠤᠯᠤᠰ ᠲᠤ ᠰᠣᠩᠭᠣᠭᠤᠯᠢ ᠵᠠᠮᠪᠠᠷᠠᠭ᠎ᠠ ᠦᠭᠡᠢ ᠶᠠᠪᠤᠭᠳᠠᠳᠠᠭ᠃ ᠪᠢᠳᠡ ᠶᠠᠮᠠᠷ ᠴᠤ ᠰᠢᠯᠭᠠᠭᠤᠷᠢ ᠦᠭᠡᠢ ᠪᠡᠷ ᠰᠣᠩᠭᠣᠯᠲᠠ ᠶᠠᠪᠤᠭᠤᠯᠳᠠᠭ᠃ ᠬᠦᠮᠦᠰ ᠤᠯᠤᠰ ᠲᠥᠷᠥ ᠶᠢᠨ ᠨᠠᠮ ᠳᠤ ᠢᠲᠡᠭᠡᠬᠦ ᠢᠲᠡᠭᠡᠯ ᠠᠯᠳᠠᠷᠠᠭᠰᠠᠨ ᠪᠠᠶᠢᠨ᠎ᠠ᠃ ᠲᠣᠮᠣ ᠵᠢᠵᠢᠭ ᠪᠦᠬᠦ ᠨᠠᠮ ᠤᠳ ᠤᠨ ᠳᠡᠮᠵᠢᠯᠭᠡ 30 ᠬᠤᠪᠢ ᠠᠴᠠ ᠢᠯᠡᠭᠦᠦ ᠭᠠᠷᠬᠤ ᠦᠭᠡᠢ ᠪᠠᠶᠢᠨ᠎ᠠ᠃ ᠬᠣᠶᠠᠷ ᠭᠣᠣᠯᠯᠠᠬᠤ ᠨᠠᠮ ᠤᠨ ᠳᠡᠮᠵᠢᠯᠭᠡ ᠡᠮᠦᠨ᠎ᠡ ᠨᠢ ᠬᠢᠭᠰᠡᠨ 20 ᠭᠠᠷᠤᠢ ᠵᠢᠯ ᠦᠨ ᠰᠤᠳᠤᠯᠭᠠᠨ ᠠᠴᠠ ᠦᠵᠡᠬᠦ ᠳᠦ ᠳᠠᠩᠳᠠ 50 ᠬᠤᠪᠢ ᠠᠴᠠ ᠳᠠᠪᠠᠵᠤ ᠪᠠᠶᠢᠭᠰᠠᠨ᠃ ᠬᠡᠵᠢᠶ᠎ᠡ ᠴᠤ ᠡᠶᠢᠮᠦ ᠳᠣᠭᠣᠭᠰᠢ ᠪᠠᠨ ᠣᠷᠣᠵᠤ ᠪᠠᠶᠢᠭᠰᠠᠨ ᠦᠭᠡᠢ᠃ ᠲᠡᠶᠢᠮᠦ ᠡᠴᠡ ᠠᠷᠠᠳ ᠲᠦᠮᠡᠨ ᠪᠡᠶ᠎ᠡ ᠳᠠᠭᠠᠭᠠᠭᠰᠠᠨ ᠰᠢᠨ᠎ᠡ ᠬᠦᠮᠦᠰ ᠢ ᠳᠡᠮᠵᠢᠵᠦ ᠪᠠᠶᠢᠨ᠎ᠠ᠃
ᠭᠠᠳᠠᠭᠠᠳᠤ ᠶᠠᠪᠤᠳᠠᠯ ᠤᠨ ᠶᠠᠮᠤᠨ ᠤ ᠰᠠᠶᠢᠳ ᠠᠰᠠᠨ ᠼ∙ᠭᠣᠮᠪᠣᠰᠦ᠋ᠷᠦᠩ᠄ ᠪᠢᠳᠡ ᠡᠨᠡ ᠠᠵᠢᠯ ᠢ ᠬᠢᠭᠰᠡᠨ ᠢᠶᠡᠷ ᠢᠶᠡᠨ ᠤᠳᠠᠭ᠎ᠠ ᠳᠠᠷᠠᠭ᠎ᠠ ᠡᠷᠬᠡ ᠪᠠᠷᠢᠵᠤ ᠪᠠᠶᠢᠭᠰᠠᠨ ᠂ ᠥᠨᠥᠳᠥᠷ ᠡᠷᠬᠡ ᠪᠠᠷᠢᠵᠤ ᠪᠠᠶᠢᠭ᠎ᠠ  ᠨᠠᠮ ᠤᠳ ᠪᠢᠳᠡᠨ ᠦ ᠬᠢᠵᠦ ᠪᠠᠶᠢᠭ᠎ᠠ ᠠᠵᠢᠯ ᠢ ᠬᠠᠷᠠᠭᠠᠳ ᠬᠠᠮᠤᠭ ᠤᠨ ᠭᠠᠶᠢᠭᠤᠢ ᠬᠦᠮᠦᠰ ᠢᠶᠡᠨ ᠰᠣᠩᠭᠣᠭᠤᠯᠢ ᠳᠤ ᠨᠡᠷ᠎ᠡ ᠳᠡᠪᠰᠢᠭᠦᠯᠬᠦ ᠪᠣᠯᠪᠠ ᠤᠤ ᠭᠡᠵᠦ ᠨᠠᠶᠢᠳᠠᠵᠤ ᠪᠠᠶᠢᠭ᠎ᠠ᠃ ᠲᠡᠷᠡ ᠨᠠᠮ ᠤᠳ ᠤᠨ ᠬᠦᠮᠦᠰ ᠭᠠᠷᠴᠤ ᠢᠷᠡᠭᠡᠳ ᠳᠠᠩ ᠢᠶᠠᠷ ᠢᠶᠠᠨ ᠪᠣᠯᠤᠨ ᠡᠪᠰᠡᠭᠡᠳ ᠲᠥᠷᠥ ᠶᠢ ᠠᠪᠴᠤ ᠶᠠᠪᠤᠬᠤ ᠪᠠᠶᠢᠬᠤ᠃

ᠰᠡᠳᠬᠢᠭᠳᠡᠯ ᠦᠯᠡᠳᠡᠭᠡᠬᠦ