FIBA 3×3 U18 ᠲᠡᠮᠡᠴᠡᠭᠡᠨ ᠮᠤᠩᠭᠤᠯ ᠳᠤ ᠪᠤᠯᠤᠨ᠎ᠠ | News.MN

FIBA 3×3 U18 ᠲᠡᠮᠡᠴᠡᠭᠡᠨ ᠮᠤᠩᠭᠤᠯ ᠳᠤ ᠪᠤᠯᠤᠨ᠎ᠠ

FIBA 3×3 U18 ᠨᠠᠰᠤᠨ ᠤ ᠰᠠᠭᠰᠤᠨ ᠪᠥᠮᠪᠥᠭᠡ ᠶᠢᠨ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠢᠷᠡᠬᠦ ᠰᠠᠷ᠎ᠠ ᠶᠢᠨ 3 – 7 ᠍ ᠤ ᠡᠳᠦᠷ ᠦᠳ ᠲᠦ ᠳ∙ᠰᠦᠬᠡᠪᠠᠭᠠᠲᠤᠷ ᠤᠨ ᠲᠠᠯᠠᠪᠠᠢ ᠳᠤ ᠪᠣᠯᠤᠨ᠎ᠠ᠃ ᠣᠯᠢᠮᠫ ᠤᠨ ᠲᠥᠷᠥᠯ ᠦᠨ ᠪᠠᠭ ᠤᠨ ᠰᠫᠣᠷᠲ ᠤᠨ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠠᠩᠬ᠎ᠠ ᠤᠳᠠᠭ᠎ᠠ ᠮᠣᠩᠭᠣᠯ ᠳᠤ ᠪᠣᠯᠬᠤ ᠭᠡᠵᠦ ᠪᠠᠶᠢᠭ᠎ᠠ ᠨᠢ ᠡᠨᠡ ᠶᠤᠮ᠃ ᠮᠣᠩᠭᠣᠯ ᠤᠨ ᠲᠠᠯ᠎ᠠ ᠠᠴᠠ ᠴᠤ ᠤᠭ ᠲᠡᠮᠡᠴᠡᠭᠡᠨ ᠦ ᠪᠡᠯᠡᠳᠬᠡᠯ ᠠᠵᠢᠯ ᠢ ᠡᠷᠴᠢᠮᠲᠡᠢ ᠬᠢᠵᠦ ᠪᠠᠶᠢᠭ᠎ᠠ᠃ FIBA 3×3 U18 ᠨᠠᠰᠤᠨ ᠤ ᠠᠩᠭᠢᠯᠠᠯ ᠤᠨ ᠰᠠᠭᠰᠤᠨ ᠪᠥᠮᠪᠥᠭᠡ ᠶᠢᠨ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠳᠦ ᠣᠷᠣᠰ ᠂ ᠠᠮᠧᠷᠢᠺᠠ ᠂ ᠹᠷᠠᠨᠼᠢ᠂ ᠠᠷᠭ᠍ᠸᠨᠲ᠋ᠢᠨ ᠵᠡᠷᠭᠡ 30 ᠭᠠᠷᠤᠢ ᠤᠯᠤᠰ ᠤᠨ ᠡᠷᠡᠭᠲᠡᠢ᠂ ᠡᠮᠡᠭᠲᠡᠢ ᠰᠢᠯᠢᠳᠡᠭ 40 ᠪᠠᠭ ᠤᠨ 160 ᠲᠠᠮᠢᠷᠴᠢᠨ ᠥᠷᠢᠰᠥᠯᠳᠥᠬᠦ ᠶᠤᠮ᠃ ᠮᠣᠩᠭᠣᠯ ᠢ ᠲᠥᠯᠥᠭᠡᠯᠡᠨ ᠡᠷᠡᠭᠲᠡᠢ᠂ ᠡᠮᠡᠭᠲᠡᠢ ᠪᠠᠭ ᠤᠳ ᠣᠷᠣᠯᠴᠠᠨ᠎ᠠ᠃ ᠮᠠᠨ ᠤ ᠡᠷᠡᠭᠲᠡᠢ ᠪᠠᠭ ᠤᠨ ᠬᠤᠪᠢ ᠳᠤ ᠠᠮᠧᠷᠢᠺᠠ᠂ ᠯᠠᠲ᠋ᠢᠸ᠋ᠸ᠂  ᠭᠷᠦᠽᠢᠶ᠎ᠡ᠂ ᠪᠸᠯᠠᠷᠤᠰ ᠤᠨ ᠪᠠᠭ ᠤᠳ ᠲᠠᠢ ᠲᠡᠮᠡᠴᠡᠭᠡᠨ ᠦ C ᠬᠡᠰᠡᠭ ᠲᠦ ᠪᠠᠭᠲᠠᠭᠰᠠᠨ ᠪᠥᠭᠡᠳ ᠡᠮᠡᠭᠲᠡᠢ ᠪᠠᠭ ᠹᠷᠠᠨᠼᠢ᠂ ᠨᠢᠳ᠋ᠸᠷᠯᠠᠨᠳ᠋᠂ ᠹᠢᠯᠢᠫᠢᠨ᠂ ᠴᠸᠺ ᠤᠯᠤᠰ ᠤᠨ ᠪᠠᠭ ᠤᠳ ᠲᠠᠢ ᠨᠢᠭᠡ ᠬᠡᠰᠡᠭ ᠲᠦ ᠣᠷᠣᠵᠠᠢ᠃

ᠰᠡᠳᠬᠢᠭᠳᠡᠯ ᠦᠯᠡᠳᠡᠭᠡᠬᠦ