ᠪ᠂ ᠡᠩᠬᠡᠪᠠᠲᠤ ᠳᠡᠯᠡᠬᠡᠢ ᠶᠢᠨ ᠠᠪᠤᠷᠭᠤ ᠪᠤᠯᠤᠯ᠎ᠠ   | News.MN

ᠪ᠂ ᠡᠩᠬᠡᠪᠠᠲᠤ ᠳᠡᠯᠡᠬᠡᠢ ᠶᠢᠨ ᠠᠪᠤᠷᠭᠤ ᠪᠤᠯᠤᠯ᠎ᠠ

ᠡᠮᠦᠨᠡᠲᠦ ᠠᠹᠷᠢᠺᠠ ᠤᠯᠤᠰ ᠲᠤ ᠪᠤᠳᠢᠪᠤᠯᠳᠢᠩ ᠂ ᠹᠢᠲᠨᠧᠰ ᠤᠨ ᠳᠡᠯᠡᠬᠡᠢ ᠶᠢᠨ ᠠᠪᠤᠷᠭᠤ ᠰᠢᠯᠭᠠᠷᠠᠭᠤᠯᠬᠤ IFBB Arnold Classic Africa ᠲᠡᠮᠡᠴᠡᠭᠡᠨ ᠡᠨᠡ ᠰᠠᠷ᠎ᠠ ᠶᠢᠨ 17-19 ᠍ ᠦ ᠡᠳᠦᠷ ᠦᠳ ᠲᠦ ᠠᠮᠵᠢᠯᠲᠠᠲᠠᠢ ᠵᠣᠬᠢᠶᠠᠨ ᠪᠠᠶᠢᠭᠤᠯᠤᠭᠳᠠᠯ᠎ᠠ᠃ ᠮᠣᠩᠭᠣᠯ ᠤᠨ ᠪᠤᠳᠢᠪᠤᠯᠳᠢᠩ᠂ ᠹᠢᠲᠨᠧᠰ ᠤᠨ ᠨᠢᠭᠡᠳᠦᠭᠰᠡᠨ ᠬᠣᠯᠪᠣᠭᠠᠨ ᠠᠴᠠ ᠳᠡᠯᠡᠬᠡᠢ ᠶᠢᠨ ᠳᠡᠪᠵᠢᠶᠡᠨ ᠳᠦ ᠮᠣᠩᠭᠣᠯ ᠢᠶᠠᠨ ᠲᠥᠯᠦᠭᠡᠯᠡᠭᠦᠯᠦᠨ ᠡᠷᠡᠭᠲᠡᠢ᠂ ᠡᠮᠡᠭᠲᠡᠢ ᠲᠤᠰ ᠪᠦᠷᠢ ᠨᠢᠭᠡ ᠲᠠᠮᠢᠷᠴᠢᠨ ᠣᠷᠤᠯᠴᠠᠭᠤᠯᠤᠭᠰᠠᠨ ᠠᠴᠠ Mister Fitness ᠲᠥᠷᠥᠯ ᠳᠦ ᠮᠠᠨ ᠤ ᠵᠠᠯᠠᠭᠤ ᠲᠠᠮᠢᠷᠴᠢᠨ ᠪ∙ᠡᠩᠬᠡᠪᠠᠲᠤ ᠪᠠᠬᠠᠳᠤᠮ᠎ᠠ ᠠᠮᠵᠢᠯᠲᠠ ᠭᠠᠷᠭᠠᠵᠤ᠂ ᠳᠡᠯᠡᠬᠡᠢ ᠶᠢᠨ ᠠᠪᠤᠷᠭᠤ ᠶᠢᠨ ᠴᠣᠮᠣ ᠶᠢ ᠡᠬᠡ ᠣᠷᠣᠨ ᠳᠤ ᠪᠠᠨ ᠠᠪᠴᠢᠷᠠᠵᠠᠢ᠃ ᠲᠣᠮᠣ ᠵᠣᠷᠢᠯᠭ᠎ᠠ᠂ ᠤᠶᠢᠭ᠎ᠠ ᠦᠭᠡᠢ ᠬᠥᠳᠡᠯᠮᠦᠷᠢ ᠶᠢᠨ ᠦᠷ᠎ᠡ ᠳ᠋ᠦᠩ ᠳᠦ ᠬᠦᠮᠦᠨ ᠦ ᠪᠡᠶ᠎ᠡ ᠮᠠᠬᠠᠪᠣᠳ ᠢ ᠬᠡᠷᠬᠢᠨ ᠡᠷᠡᠭᠦᠯ ᠰᠠᠶᠢᠬᠠᠨ ᠬᠥᠭᠵᠢᠭᠦᠯᠵᠦ ᠪᠣᠯᠳᠠᠭ ᠤᠨ ᠭᠠᠶᠢᠬᠠᠮᠰᠢᠭ ᠢ ᠳᠡᠯᠡᠬᠡᠢ ᠳᠦ ᠬᠠᠷᠠᠭᠤᠯᠵᠤ᠂ ᠠᠯᠲᠠᠨ ᠮᠧᠳᠠᠯ ᠤᠨ ᠡᠵᠡᠨ ᠪᠣᠯᠤᠭᠰᠠᠨ ᠪ∙ᠡᠩᠬᠡᠪᠠᠲᠤ ᠮᠠᠷᠭᠠᠰᠢ ᠡᠬᠡ ᠣᠷᠣᠨ ᠳᠤ ᠪᠠᠨ ᠢᠷᠡᠨ᠎ᠡ᠃ ᠪᠦᠰᠡᠭᠦᠶᠢᠴᠦᠳ ᠢᠶᠡᠨ ᠲᠥᠯᠥᠭᠡᠯᠡᠨ ᠣᠷᠣᠯᠴᠠᠭᠰᠠᠨ ᠡᠮᠡᠭᠲᠡᠢ ᠲᠠᠮᠢᠷᠴᠢᠨ ᠴᠤ ᠴᠢᠮᠠᠯᠠᠬᠤ ᠪᠠᠷ ᠦᠭᠡᠢ ᠠᠮᠵᠢᠯᠲᠠ ᠭᠠᠷᠭᠠᠭᠰᠠᠨ ᠭᠡᠳᠡᠭ ᠢ ᠳᠡᠯᠡᠬᠡᠢ ᠶᠢᠨ ᠬᠡᠪᠯᠡᠯ ᠦᠳ ᠣᠨᠴᠠᠯᠠᠵᠤ ᠪᠠᠶᠢᠨ᠎ᠠ᠃

ᠰᠡᠳᠬᠢᠭᠳᠡᠯ ᠦᠯᠡᠳᠡᠭᠡᠬᠦ