ᠨᠸᠹᠲ ᠦᠨ ᠲᠡᠮᠦᠷ ᠵᠠᠮ ᠢ ᠪᠠᠷᠢᠵᠤ ᠳᠠᠭᠤᠰᠬᠠᠯ᠎ᠠ | News.MN

 ᠨᠸᠹᠲ ᠦᠨ ᠲᠡᠮᠦᠷ ᠵᠠᠮ ᠢ ᠪᠠᠷᠢᠵᠤ ᠳᠠᠭᠤᠰᠬᠠᠯ᠎ᠠ

ᠮᠣᠩᠭᠣᠯ ᠤᠯᠤᠰ ᠤᠨ ᠲᠣᠮᠣᠬᠠᠨ ᠪᠦᠲᠦᠭᠡᠨ ᠪᠠᠶᠢᠭᠤᠯᠤᠯᠲᠠ ᠪᠣᠯᠬᠤ ᠳᠣᠷᠣᠨᠠᠭᠣᠪᠢ ᠠᠶᠢᠮᠠᠭ ᠤᠨ ᠠᠯᠲᠠᠨᠰᠢᠷᠡᠭᠡ ᠰᠤᠮᠤ ᠶᠢᠨ ᠨᠤᠲᠤᠭ ᠲᠤ ᠪᠠᠷᠢᠭᠳᠠᠵᠤ ᠪᠠᠶᠢᠭ᠎ᠠ ᠭᠠᠵᠠᠷ ᠤᠨ ᠲᠣᠰᠣ ᠪᠣᠯᠪᠠᠰᠤᠷᠠᠭᠤᠯᠬᠤ ᠦᠢᠯᠡᠳᠪᠦᠷᠢ ᠶᠢᠨ ᠲᠡᠮᠦᠷ ᠵᠠᠮ ᠢ ᠲᠠᠯᠪᠢᠵᠤ 05.22 ᠳᠦ ᠳᠠᠭᠤᠰᠬᠠᠯ᠎ᠠ᠃ ᠬᠣᠯᠪᠣᠭ᠎ᠠ᠂ ᠳᠣᠬᠢᠶᠠᠯᠠᠯ᠂ ᠡᠷᠴᠢᠮ ᠬᠦᠴᠦ᠂ ᠪᠠᠷᠢᠯᠭ᠎ᠠ ᠶᠢᠨ ᠠᠵᠢᠯ ᠢ ᠲᠡᠮᠦᠷ ᠵᠠᠮᠴᠢᠳ ᠤᠨ ᠪᠠᠶᠠᠷ ᠨᠠᠭᠠᠳᠤᠮ ᠤᠨ ᠡᠮᠦᠨ᠎ᠡ ᠳᠠᠭᠤᠰᠬᠠᠬᠤ ᠪᠠᠷ ᠰᠢᠮᠳᠠᠵᠤ ᠪᠠᠶᠢᠭ᠎ᠠ ᠲᠤᠬᠠᠢ ᠵᠠᠮ ᠲᠡᠭᠡᠭᠡᠪᠦᠷᠢ ᠶᠢᠨ ᠬᠥᠭᠵᠢᠯ ᠦᠨ ᠶᠠᠮᠤᠨ ᠠᠴᠠ ᠮᠡᠳᠡᠭᠡᠯᠡᠯ᠎ᠡ᠃ ᠭᠠᠵᠠᠷ ᠤᠨ ᠲᠣᠰᠣ ᠪᠣᠯᠪᠠᠰᠤᠷᠠᠭᠤᠯᠬᠤ ᠦᠢᠯᠡᠳᠪᠦᠷᠢ ᠶᠢ ᠰᠠᠶᠢᠨᠱᠠᠩᠳᠠ ᠥᠷᠲᠡᠭᠡ ᠲᠡᠢ ᠬᠤᠯᠪᠤᠬᠤ ᠰᠠᠯᠪᠤᠷᠢ ᠲᠡᠮᠦᠷ ᠵᠠᠮ ᠨᠢ ᠵᠢᠯ ᠳᠦ ᠦᠢᠯᠡᠳᠪᠦᠷᠢ ᠶᠢᠨ ᠬᠡᠷᠡᠭᠴᠡᠭᠡᠨ ᠦ 1.53 ᠰᠠᠶ᠎ᠠ ᠲᠣᠨ ᠠᠴᠢᠶ᠎ᠠ ᠶᠢ ᠲᠡᠭᠡᠭᠡᠪᠦᠷᠢᠯᠡᠬᠦ ᠵᠣᠷᠢᠭᠤᠯᠤᠯᠲᠠ ᠲᠠᠢ᠃ ᠵᠠᠮ ᠤᠨ ᠤᠷᠲᠤ ᠨᠢ 27.7 ᠺᠢᠯᠣᠮᠧᠲ᠋ᠷ᠃ ᠲᠡᠮᠦᠷ ᠵᠠᠮ 1520 ᠮᠢᠯᠯᠢᠮᠧᠲ᠋ᠷ ᠦᠨ ᠥᠷᠭᠡᠨ ᠴᠠᠷᠢᠭ ᠲᠠᠢ᠂ 50 ᠵᠢᠯ ᠦᠨ ᠪᠠᠲᠤᠯᠠᠭ᠎ᠠ ᠲᠠᠢ ᠃ ᠳᠡᠳ᠋ ᠪᠦᠲᠦᠴᠡ ᠶᠢᠨ ᠠᠵᠢᠯ ᠢ 2018 ᠣᠨ ᠤ ᠵᠢᠷᠭᠤᠳᠤᠭᠠᠷ ᠰᠠᠷ᠎ᠠ ᠳᠤ ᠡᠬᠢᠯᠡᠭᠦᠯᠦᠭᠰᠡᠨ ᠶᠤᠮ᠃
ᠲᠡᠮᠦᠷ ᠵᠠᠮ ᠤᠨ ᠢᠨᠵᠧᠨᠧᠷ ᠪᠦᠬᠦᠢ ︽ᠤᠯᠠᠭᠠᠨᠪᠠᠭᠠᠲᠤᠷ ᠤᠨ ᠲᠡᠮᠦᠷ ᠵᠠᠮ︾ ᠤᠨ 110 ᠭᠠᠷᠤᠢ ᠠᠵᠢᠯᠲᠠᠨ᠂ ᠵᠣᠷᠢᠭᠤᠯᠤᠯᠲᠠ ᠶᠢᠨ ᠲᠤᠰᠬᠠᠢ ᠲᠣᠨᠣᠭᠯᠠᠯ ᠲᠠᠢ 122 ᠸᠠᠭᠣᠨ ᠲᠠᠢ ᠪᠠᠷ ᠪᠦᠲᠦᠭᠡᠨ ᠪᠠᠶᠢᠭᠤᠯᠤᠯᠲᠠ ᠶᠢᠨ ᠠᠵᠢᠯ ᠢ ᠭᠦᠢᠴᠡᠳᠭᠡᠵᠡᠢ᠃

ᠰᠡᠳᠬᠢᠭᠳᠡᠯ ᠦᠯᠡᠳᠡᠭᠡᠬᠦ