ᠡᠳ᠋ ᠦᠨ ᠵᠠᠰᠠᠭ ᠤᠨ ᠥᠰᠦᠯᠲᠡ 2020 ᠣᠨ ᠳᠤ 6 ᠬᠤᠪᠢ ᠪᠠᠶᠢᠨ᠎ᠠ | News.MN

ᠡᠳ᠋ ᠦᠨ ᠵᠠᠰᠠᠭ ᠤᠨ ᠥᠰᠦᠯᠲᠡ 2020 ᠣᠨ ᠳᠤ 6 ᠬᠤᠪᠢ ᠪᠠᠶᠢᠨ᠎ᠠ

ᠤᠯᠤᠰ ᠤᠨ ᠶᠡᠬᠡ ᠬᠤᠷᠠᠯ ᠤᠨ ᠴᠢᠭᠤᠯᠭᠠᠨ ᠤ ᠥᠨᠥᠳᠥᠷ ᠦᠨ ᠬᠤᠷᠠᠯᠳᠤᠭᠠᠨ ᠢᠶᠠᠷ ᠮᠣᠩᠭᠣᠯ ᠤᠯᠤᠰ ᠤᠨ ᠡᠳ᠋ ᠍ ᠦᠨ ᠵᠠᠰᠠᠭ᠂ ᠨᠡᠶᠢᠭᠡᠮ ᠢ 2020 ᠣᠨ ᠳᠤ ᠬᠥᠭᠵᠢᠭᠦᠯᠬᠦ ᠦᠨᠳᠦᠰᠦᠨ ᠴᠢᠭᠯᠡᠯ ᠪᠠᠲᠤᠯᠠᠬᠤ ᠲᠤᠬᠠᠢ ᠲᠣᠭᠲᠠᠭᠠᠯ ᠤᠨ ᠲᠥᠰᠥᠯ ᠦᠨ ᠠᠩᠬᠠᠨ ᠤ ᠬᠡᠯᠡᠯᠴᠡᠭᠦᠯᠭᠡ ᠶᠢ ᠬᠢᠬᠦ ᠦᠶ᠎ᠡ ᠳᠦ ᠮᠤᠩᠭᠤᠯ ᠠᠷᠠᠳ ᠤᠨ ᠨᠠᠮ ᠍ ᠤᠨ ᠪᠦᠯᠦᠭ ᠵᠠᠪᠰᠠᠷᠯᠠᠭ᠎ᠠ ᠠᠪᠤᠯ᠎ᠠ᠃ ᠮᠣᠩᠭᠣᠯ ᠤᠯᠤᠰ ᠤᠨ ᠡᠳ᠋ ᠍ ᠦᠨ ᠵᠠᠰᠠᠭ᠂ ᠨᠡᠶᠢᠭᠡᠮ ᠢ 2020 ᠣᠨ ᠳᠤ ᠬᠥᠭᠵᠢᠭᠦᠯᠬᠦ 20 ᠵᠣᠷᠢᠯᠲᠠ ᠶᠢᠨ ᠬᠦᠷᠢᠶᠡᠨ ᠳᠦ᠂ 118 ᠠᠵᠢᠯ ᠥᠷᠨᠢᠭᠦᠯᠬᠦ ᠪᠡᠷ ᠲᠤᠰᠬᠠᠵᠠᠢ᠃ ᠡᠳᠡᠭᠡᠷ ᠠᠵᠢᠯ ᠳᠤ 10 ᠶᠡᠬᠡ ᠨᠠᠶᠤᠳ 216.3 ᠲᠡᠷᠪᠤᠮ ᠲᠥᠭᠥᠷᠢᠭ ᠱᠠᠭᠠᠷᠳᠠᠯᠭ᠎ᠠ ᠲᠠᠢ ᠪᠠᠶᠢᠭ᠎ᠠ ᠠᠴᠠ ᠤᠯᠤᠰ ᠤᠨ ᠲᠥᠰᠥᠪ ᠦᠨ ᠬᠥᠷᠥᠩᠭᠡ ᠪᠡᠷ 1 ᠶᠡᠬᠡ ᠨᠠᠶᠤᠳ 325.5 ᠲᠡᠷᠪᠤᠮ ᠲᠥᠭᠥᠷᠢᠭ᠂ ᠭᠠᠳᠠᠭᠠᠳᠤ ᠡᠬᠢ ᠡᠭᠦᠰᠪᠦᠷᠢ ᠡᠴᠡ 2 ᠶᠡᠬᠡ ᠨᠠᠶᠤᠳ 111.9 ᠲᠡᠷᠪᠤᠮ ᠲᠥᠭᠥᠷᠢᠭ᠂ ᠲᠥᠷᠥ᠂  ᠬᠤᠪᠢ ᠶᠢᠨ ᠬᠡᠪᠰᠢᠯ ᠦᠨ ᠲᠦᠩᠰᠢᠯᠡᠯ ᠪᠣᠯᠤᠨ ᠬᠤᠪᠢ ᠶᠢᠨ ᠬᠥᠷᠥᠩᠭᠡ ᠣᠷᠣᠭᠤᠯᠤᠯᠲᠠ ᠪᠠᠷ 6 ᠶᠡᠬᠡ ᠨᠠᠶᠤᠳ 174.2 ᠲᠡᠷᠪᠤᠮ ᠲᠥᠭᠥᠷᠢᠭ᠂ ᠪᠤᠰᠤᠳ ᠡᠬᠢ ᠡᠭᠦᠰᠪᠦᠷᠢ ᠡᠴᠡ 604.7 ᠲᠡᠷᠪᠤᠮ ᠲᠥᠭᠥᠷᠢᠭ ᠢ ᠰᠠᠩᠬᠦᠦᠵᠢᠭᠦᠯᠬᠦ ᠪᠡᠷ ᠲᠥᠯᠥᠪᠯᠡᠭᠰᠡᠨ ᠪᠠᠶᠢᠨ᠎ᠠ᠃ ᠢᠩᠭᠢᠪᠡᠯ ᠡᠳ᠋ ᠍ ᠦᠨ ᠵᠠᠰᠠᠭ ᠤᠨ ᠪᠣᠳᠠᠲᠤ ᠥᠰᠦᠯᠲᠡ 6 ᠬᠤᠪᠢ  ᠬᠦᠷᠦᠨ᠎ᠡ ᠬᠡᠮᠡᠨ ᠲᠣᠭᠠᠴᠠᠵᠠᠢ᠃ ᠮᠥᠨ ᠢᠨᠹᠯᠢᠶᠠᠼ ᠤᠨ ᠲᠦᠪᠰᠢᠨ 8 ᠬᠤᠪᠢ ᠠᠴᠠ ᠶᠡᠬᠡ ᠦᠭᠡᠢ᠂ ᠲᠥᠰᠥᠪ ᠦᠨ ᠠᠯᠳᠠᠭᠳᠠᠯ ᠤᠨ ᠳᠤᠲᠤᠭᠠᠳᠤ ᠶᠢᠨ ᠨᠡᠶᠢᠲᠡ ᠪᠦᠲᠦᠭᠡᠭᠳᠡᠬᠦᠨ ᠍ ᠳᠦ ᠡᠵᠡᠯᠡᠬᠦ ᠬᠡᠮᠵᠢᠶ᠎ᠡ 5.1 ᠬᠤᠪᠢ ᠠᠴᠠ ᠶᠡᠬᠡ ᠦᠭᠡᠢ᠂ ᠠᠵᠢᠯᠭᠦᠶᠢᠳᠡᠯ ᠦᠨ ᠲᠦᠪᠰᠢᠨ 6.5 ᠬᠤᠪᠢ ᠠᠴᠠ ᠪᠠᠭ᠎ᠠ ᠪᠠᠶᠢᠬᠤ ᠶᠤᠮ᠃
ᠴᠢᠭᠤᠯᠭᠠᠨ ᠢᠶᠠᠷ ᠮᠣᠩᠭᠣᠯ ᠤᠯᠤᠰ ᠤᠨ ᠨᠢᠭᠡᠳᠦᠭᠰᠡᠨ ᠲᠥᠰᠥᠪ ᠦᠨ 2020 ᠣᠨ ᠤ ᠲᠥᠰᠥᠪ ᠦᠨ ᠬᠦᠷᠢᠶᠡᠨ ᠦ ᠮᠡᠳᠡᠭᠳᠡᠯ᠂ 2021-2022 ᠣᠨ ᠤ ᠲᠥᠰᠥᠪ ᠦᠨ ᠲᠥᠰᠥᠭᠡᠯᠡᠯ ᠦᠨ ᠲᠤᠬᠠᠢ ᠬᠠᠤᠯᠢ ᠶᠢᠨ ᠲᠥᠰᠥᠯ ᠪᠣᠯᠤᠨ ︽ᠵᠠᠰᠠᠭ ᠤᠨ ᠭᠠᠵᠠᠷ ᠤᠨ ᠥᠷᠢ ᠶᠢᠨ ᠤᠳᠤᠷᠢᠳᠤᠯᠭ᠎ᠠ ᠶᠢᠨ 2019-2022 ᠣᠨ ᠤ ᠰᠲᠷᠠᠲ᠋ᠧᠭᠢ ᠶᠢᠨ ᠪᠠᠷᠢᠮᠲᠠ ᠪᠢᠴᠢᠭ ᠪᠠᠲᠤᠯᠠᠬᠤ ᠲᠤᠬᠠᠢ︾ ᠲᠣᠭᠲᠠᠭᠠᠯ ᠤᠨ ᠲᠥᠰᠥᠯ ᠦᠨ ᠠᠩᠬᠠᠨ ᠤ ᠬᠡᠯᠡᠯᠴᠡᠭᠦᠯᠭᠡ ᠶᠢ ᠬᠢᠵᠦ ᠪᠠᠶᠢᠨ᠎ᠠ᠃

ᠰᠡᠳᠬᠢᠭᠳᠡᠯ ᠦᠯᠡᠳᠡᠭᠡᠬᠦ