︽ᠲᠤᠰᠠᠭᠠᠷ ᠲᠣᠭᠲᠠᠨᠢᠯ ᠲᠡᠦᠬᠡᠨ ᠤᠯᠠᠮᠵᠢᠯᠠᠯ᠂ ᠬᠥᠭᠵᠢᠯ ᠳᠡᠪᠰᠢᠯ︾ ᠠᠶᠠᠨ  ᠥᠷᠨᠢᠭᠦᠯᠵᠦ ᠪᠠᠶᠢᠨ᠎ᠠ | News.MN

 ︽ᠲᠤᠰᠠᠭᠠᠷ ᠲᠣᠭᠲᠠᠨᠢᠯ ᠲᠡᠦᠬᠡᠨ ᠤᠯᠠᠮᠵᠢᠯᠠᠯ᠂ ᠬᠥᠭᠵᠢᠯ ᠳᠡᠪᠰᠢᠯ︾ ᠠᠶᠠᠨ  ᠥᠷᠨᠢᠭᠦᠯᠵᠦ ᠪᠠᠶᠢᠨ᠎ᠠ

ᠡᠮᠦᠨᠡᠭᠣᠪᠢ ᠠᠶᠢᠮᠠᠭ ᠤᠨ ᠲᠥᠪ ᠳᠠᠯᠠᠨᠵᠠᠳᠠᠭᠠᠶᠢᠲᠤ ᠳᠤ ᠬᠠᠯᠬ᠎ᠠ ᠭᠣᠣᠯ ᠤᠨ ᠲᠡᠦᠬᠡᠲᠦ ᠢᠯᠠᠯᠲᠠ ᠶᠢᠨ 80 ᠵᠢᠯ ᠦᠨ ᠣᠢ ᠳᠤ ᠵᠣᠷᠢᠭᠤᠯᠤᠨ ︽ᠲᠤᠰᠠᠭᠠᠷ ᠲᠣᠭᠲᠠᠨᠢᠯ ᠲᠡᠦᠬᠡᠨ ᠤᠯᠠᠮᠵᠢᠯᠠᠯ᠂ ᠬᠥᠭᠵᠢᠯ ᠳᠡᠪᠰᠢᠯ︾ ᠠᠶᠠᠨ ᠢ ᠥᠷᠨᠢᠭᠦᠯᠵᠦ ᠪᠠᠶᠢᠨ᠎ᠠ᠃ ᠡᠨᠡᠬᠦ ᠪᠦᠲᠦᠭᠡᠯᠴᠢ ᠠᠶᠠᠨ ᠳᠤ ᠲᠤᠰ ᠰᠤᠮᠤ ᠶᠢᠨ ᠳᠣᠯᠣᠳᠤᠭᠠᠷ ᠪᠠᠭ ᠤᠨ ᠵᠠᠰᠠᠭ ᠳᠠᠷᠤᠭ᠎ᠠ ᠫ∙ ᠳᠦᠯᠭᠡᠨ ᠦ ᠰᠠᠨᠠᠭᠠᠴᠢᠯᠠᠭᠰᠠᠨ ᠢᠶᠠᠷ ᠬᠢᠯᠢ ᠶᠢᠨ ᠴᠡᠷᠢᠭ ᠦᠨ 0131 ᠍ ᠳᠦᠭᠡᠷ ᠠᠩᠭᠢ ᠠᠴᠠ ᠲᠡᠳᠬᠦᠪᠦᠷᠢ ᠳᠦ ᠭᠠᠷᠤᠭᠰᠠᠨ ᠠᠬᠠᠮᠠᠳ ᠤᠳ ᠲᠠᠢ ᠬᠠᠮᠲᠤᠷᠠᠨ ᠲᠤᠰ ᠠᠩᠬᠢ ᠶᠢᠨ ᠠᠮᠠᠷᠠᠯᠲᠠ ᠰᠤᠪᠢᠯᠠᠯ ᠤᠨ ᠭᠠᠵᠠᠷ ᠪᠠᠶᠢᠷᠢᠯᠠᠬᠤ ᠪᠢᠲᠡᠭᠦᠦ ᠶᠢᠨ ᠠᠮᠠᠨ ᠳᠤ ᠭᠤᠷᠪᠠᠨ ᠲᠥᠷᠥᠯ ᠦᠨ 200 ᠭᠠᠷᠤᠢ ᠮᠣᠳᠣ ᠰᠠᠭᠤᠯᠭᠠᠵᠤ ᠬᠠᠰᠢᠶᠠᠵᠢᠭᠤᠯᠵᠠᠢ᠃
ᠮᠥᠨ ᠠᠬᠠᠮᠠᠳ ᠳᠠᠶᠢᠴᠢᠳ ᠤᠨ ᠭᠠᠪᠢᠶ᠎ᠠ ᠵᠢᠳᠬᠦᠯ ᠢ ᠠᠯᠳᠠᠷᠰᠢᠭᠤᠯᠬᠤ᠂ ᠬᠣᠶᠢᠴᠢ ᠦᠶ᠎ᠡ ᠶᠢᠨ ᠬᠢᠨ ᠳᠦ ᠡᠬᠡ ᠣᠷᠣᠨᠴᠢ ᠦᠵᠡᠯ ᠰᠡᠳᠬᠢᠯᠭᠡ ᠶᠢ ᠲᠥᠯᠦᠪᠰᠢᠭᠦᠯᠬᠦ ᠵᠣᠷᠢᠯᠭ᠎ᠠ ᠪᠠᠷ ᠵᠠᠯᠠᠭᠤᠴᠤᠳ ᠤᠨ ᠳᠤᠮᠳᠠ ᠰᠺᠠᠲ ᠪᠤᠤᠳᠠᠯᠭ᠎ᠠ ᠶᠢᠨ ᠲᠡᠮᠡᠴᠡᠭᠡᠨ ᠢ ᠵᠣᠬᠢᠶᠠᠨ ᠪᠠᠶᠢᠭᠤᠯᠤᠭᠰᠠᠨ ᠪᠠᠶᠢᠨ᠎ᠠ᠃

ᠰᠡᠳᠬᠢᠭᠳᠡᠯ ᠦᠯᠡᠳᠡᠭᠡᠬᠦ