ᠮᠣᠩᠭᠣᠯ ᠤᠯᠤᠰ ᠤᠨ ᠭᠤᠷᠪᠠᠳᠠᠬᠢ ᠶᠡᠷᠦᠩᠬᠡᠶᠢᠯᠡᠭᠴᠢ ᠨᠠᠮᠪᠠᠷ ᠤᠨ ᠡᠩᠬᠡᠪᠠᠶᠠᠷ ᠤᠨ ᠣᠷᠴᠢᠭᠤᠯᠤᠭᠰᠠᠨ ᠠᠩᠭᠯᠢ ᠥᠭᠦᠯᠡᠯᠭᠡ ᠨᠦᠭᠦᠳ ᠦᠨ ︽ᠰᠣᠬᠣᠷ ᠤᠨ ᠣᠷᠣᠨ︾ ︵The country of the blind ︶ ᠨᠣᠮ ᠤᠨ ᠬᠤᠶᠠᠳᠠᠬᠢ ᠬᠡᠪᠯᠡᠯ ᠦᠨ ᠨᠡᠭᠡᠭᠡᠯᠲᠡ ᠤᠯᠤᠰ ᠤᠨ ᠲᠥᠪ ᠨᠣᠮ ᠤᠨ ᠰᠠᠩ ᠤᠨ ᠮᠣᠩᠭᠣᠯ ᠤᠯᠤᠰ ᠤᠨ ᠶᠡᠷᠦᠩᠬᠡᠶᠢᠯᠡᠭᠴᠢ ᠶᠢᠨ ᠨᠡᠷᠡᠮᠵᠢᠲᠦ ᠲᠠᠩᠬᠢᠮ ᠳᠤ ᠪᠣᠯᠤᠯ᠎ᠠ᠃ ᠲᠡᠷᠡ 1991 ᠣᠨ ᠳᠤ ︽ᠬᠠᠲᠠᠭᠰᠠᠨ ᠭᠠᠷ︾ ᠨᠡᠷ᠎ᠡ ᠲᠡᠢ ᠪᠡᠷ ᠠᠩᠭᠯᠢ ᠥᠭᠦᠯᠡᠯᠭᠡ ᠨᠦᠭᠦᠳ ᠦᠨ ᠲᠡᠭᠦᠪᠦᠷᠢ ᠶᠢ ᠣᠷᠴᠢᠭᠤᠯᠤᠨ ᠤᠩᠰᠢᠭᠴᠢᠳ ᠤᠨ ᠬᠦᠷᠲᠡᠭᠡᠯ ᠪᠣᠯᠭᠠᠵᠤ ᠪᠠᠶᠢᠭᠰᠠᠨ ᠶᠤᠮ᠃
ᠶᠡᠷᠦᠩᠬᠡᠶᠢᠯᠡᠭᠴᠢ ᠠᠰᠠᠨ ᠨ᠂ ᠡᠩᠬᠡᠪᠠᠶᠠᠷ᠄ ᠪᠢ 1986 ᠣᠨ ᠳᠤ ᠠᠩᠭᠯᠢ ᠳᠤ ᠤᠳᠬ᠎ᠠ ᠵᠣᠬᠢᠶᠠᠯ ᠤᠨ ᠰᠤᠷᠭᠠᠭᠤᠯᠢ ᠳᠤ ᠨᠢᠭᠡ ᠵᠢᠯ ᠰᠤᠷᠤᠯᠴᠠᠵᠤ ᠪᠠᠶᠢᠭᠰᠠᠨ᠃ ᠡᠨᠡ ᠬᠤᠭᠤᠴᠠᠭᠠᠨ ᠳᠤ ᠠᠩᠭᠯᠢ ᠶᠢᠨ ᠤᠳᠬ᠎ᠠ ᠵᠣᠬᠢᠶᠠᠯ᠂ ᠥᠭᠦᠯᠡᠯᠭᠡ ᠨᠦᠭᠦᠳ ᠢ ᠰᠣᠨᠢᠷᠬᠠᠵᠤ ᠡᠬᠢᠯᠡᠭᠡᠳ ︽ᠰᠣᠬᠣᠷ ᠤᠨ ᠣᠷᠣᠨ︾ ᠪᠤᠶᠤ ︽ ᠬᠠᠲᠠᠭᠰᠠᠨ ᠭᠠᠷ︾ ᠥᠭᠦᠯᠡᠯᠭᠡ ᠶᠢᠨ ᠲᠡᠭᠦᠪᠦᠷᠢ ᠶᠢ ᠣᠷᠴᠢᠭᠤᠯᠵᠤ ᠪᠠᠶᠢᠯ᠎ᠠ᠃ ᠲᠤᠬᠠᠢ ᠶᠢᠨ ᠦᠶ᠎ᠡ ᠳᠦ ᠨᠣᠮ ᠬᠡᠪᠯᠡᠭᠦᠯᠬᠦ ᠳᠦ ᠶᠡᠬᠡ ᠪᠡᠷᠬᠡᠰᠢᠶᠡᠯ ᠲᠡᠢ ᠪᠠᠶᠢᠭᠰᠠᠨ ᠤᠴᠢᠷ ᠠᠴᠠ 1991 ᠣᠨ ᠳᠤ ᠤᠩᠰᠢᠭᠴᠢᠳ ᠲᠤ ᠬᠦᠷᠭᠡᠭᠰᠡᠨ ᠲᠡᠦᠬᠡ ᠪᠤᠢ ᠃ ︽ᠰᠣᠬᠣᠷ ᠤᠨ ᠣᠷᠣᠨ︾ ᠍ ᠢᠶᠠᠷ ᠳᠠᠮᠵᠢᠭᠤᠯᠤᠨ ᠠᠩᠭᠯᠢ ᠤᠯᠤᠰ ᠤᠨ ᠲᠡᠦᠬᠡ ᠰᠤᠶᠤᠯ ᠲᠠᠢ ᠬᠡᠦᠬᠡᠳ ᠵᠠᠯᠠᠭᠤᠰ ᠲᠠᠨᠢᠯᠴᠠᠬᠤ ᠪᠣᠯᠤᠮᠵᠢ ᠲᠠᠢ ᠭᠡᠵᠦ ᠪᠣᠳᠣᠵᠤ ᠪᠠᠶᠢᠨ᠎ᠠ᠃ ᠨᠣᠮ ᠳᠤ ᠪᠠᠭᠲᠠᠭᠰᠠᠨ ᠥᠭᠦᠯᠡᠯᠭᠡ ᠨᠦᠭᠦᠳ ᠨᠢ ᠰᠣᠩᠭᠣᠳᠠᠭ ᠨᠡᠷ᠎ᠡ ᠲᠥᠷᠥᠯ ᠢᠶᠡᠷ ᠳᠠᠩᠨᠠᠨ ᠪᠢᠴᠢᠳᠡᠭ ᠠᠯᠳᠠᠷᠲᠤ ᠵᠣᠬᠢᠶᠠᠯᠴᠢᠳ ᠤᠨ ᠪᠦᠲᠦᠭᠡᠯ ᠪᠠᠶᠢᠭ᠎ᠠ᠃ ᠣᠳᠣ ᠠᠴᠠ 28 ᠵᠢᠯ ᠦᠨ ᠡᠮᠦᠨ᠎ᠡ ᠬᠡᠪᠯᠡᠭᠦᠯᠦᠭᠰᠡᠨ ᠪᠦᠲᠦᠭᠡᠯ ᠢᠶᠡᠨ ︽ᠰᠣᠬᠣᠷ ᠤᠨ ᠣᠷᠣᠨ︾ ᠨᠡᠷ᠎ᠡ ᠲᠡᠢ ᠪᠡᠷ ᠤᠩᠰᠢᠭᠴᠢᠳ ᠲᠤ ᠳᠠᠬᠢᠨ ᠬᠦᠷᠭᠡᠵᠦ ᠪᠤᠢ ᠳᠤ ᠪᠠᠨ ᠪᠠᠶᠠᠷᠲᠠᠢ ᠪᠠᠶᠢᠨ᠎ᠠ᠃ ᠶᠡᠷᠦ ᠨᠢ ᠨᠣᠮ ᠵᠠᠷᠤᠵᠤ ᠮᠥᠩᠭᠥ ᠤᠯᠬᠤ ᠨᠢ ᠴᠢᠬᠤᠯᠠ ᠪᠢᠰᠢ᠃ ᠤᠩᠰᠢᠭᠴᠢᠳ ᠤᠨ ᠣᠶᠤᠨ ᠰᠠᠨᠠᠭᠠᠨ ᠳᠤ ᠨᠢᠭᠡᠨ ᠲᠣᠮᠣ ᠬᠥᠷᠥᠩᠭᠡ ᠣᠷᠣᠭᠤᠯᠤᠯᠲᠠ ᠬᠢᠵᠦ ᠪᠠᠶᠢᠭ᠎ᠠ ᠨᠢ ᠯᠠ ᠴᠢᠬᠤᠯᠠ ᠭᠡᠯᠡ᠃