ᠮᠣᠩᠭᠣᠯ᠂ ᠭᠷᠦᠽᠢᠶ᠎ᠡ ᠶᠢᠨ ᠪᠥᠬᠡᠴᠦᠳ ᠶᠠᠫᠣᠨ ᠪᠦᠬᠡ ᠳᠦ ᠭᠦᠢᠴᠡᠭᠳᠡᠪᠡ | News.MN

ᠮᠣᠩᠭᠣᠯ᠂ ᠭᠷᠦᠽᠢᠶ᠎ᠡ ᠶᠢᠨ ᠪᠥᠬᠡᠴᠦᠳ ᠶᠠᠫᠣᠨ ᠪᠦᠬᠡ ᠳᠦ ᠭᠦᠢᠴᠡᠭᠳᠡᠪᠡ

ᠶᠠᠫᠣᠨ ᠤ ᠲᠤᠤᠺᠢᠤ᠋ ᠬᠤᠲᠠ ᠳᠤ ᠪᠣᠯᠵᠤ ᠪᠤᠢ ᠮᠡᠷᠭᠡᠵᠢᠯ ᠦᠨ ᠰᠦᠮᠦᠦ ᠪᠥᠬᠡ ᠶᠢᠨ ᠲᠠᠪᠤᠳᠤᠭᠠᠷ ᠰᠠᠷ᠎ᠠ ᠶᠢᠨ ᠲᠡᠮᠡᠴᠡᠭᠡᠨ ᠳᠥᠷᠪᠡᠨ ᠡᠳᠦᠷ ᠦᠨ ᠳᠠᠷᠠᠭ᠎ᠠ ᠥᠨᠳᠥᠷᠯᠡᠨ᠎ᠡ᠃ ᠵᠤᠨ ᠤ ᠲᠡᠮᠡᠴᠡᠭᠡᠨ ᠲᠣᠮᠣ ᠴᠣᠯᠠ ᠲᠠᠢ ᠪᠥᠬᠡᠴᠦᠳ ᠲᠦ ᠬᠠᠲᠠᠭᠤᠬᠠᠨ ᠦᠷᠭᠦᠯᠵᠢᠯᠡᠵᠦ ᠪᠠᠶᠢᠨ᠎ᠠ᠃ ᠥᠴᠥᠭᠡᠳᠦᠷ ᠦᠨ ᠪᠠᠷᠢᠯᠳᠤᠭᠠᠨ ᠳᠤ ᠮ∙ᠠᠨᠠᠨᠳᠠ ᠂ ᠭᠷᠦᠽᠢᠶ᠎ᠡ ᠶᠢᠨ ᠪᠥᠬᠡ ᠰᠸᠺᠢᠸᠠᠺᠸ ᠨᠠᠷ ᠢᠯᠠᠭᠳᠠᠭᠰᠠᠨ ᠢᠶᠠᠷ ᠲᠡᠷᠢᠭᠦᠯᠡᠭᠴᠢ ᠶᠢᠨ ᠬᠣᠶᠠᠳᠤᠭᠠᠷ ᠡᠩᠨᠡᠭᠡ ᠤᠷᠤᠭᠤ ᠰᠢᠯᠵᠢᠯ᠎ᠡ᠃
ᠲᠠᠪᠤᠳᠤᠭᠠᠷ ᠰᠠᠷ᠎ᠠ ᠶᠢᠨ ᠲᠡᠮᠡᠴᠡᠭᠡᠨ ᠳᠦ ᠲᠦᠷᠦᠭᠦᠯᠡᠬᠦ ᠮᠠᠭᠠᠳᠯᠠᠯ ᠲᠠᠢ ᠪᠥᠬᠡ ᠪᠡᠷ ᠨᠡᠷᠡᠯᠡᠭᠳᠡᠵᠦ ᠪᠠᠶᠢᠭᠰᠠᠨ ᠶᠠᠫᠣᠨᠴᠤᠳ ᠤᠨ ᠭᠣᠣᠯ ᠨᠠᠶᠢᠳᠠᠪᠤᠷᠢ ᠲᠠᠺᠠᠺᠸᠱᠢᠤ᠋ ᠪᠡᠷᠲᠡᠯ ᠦᠨ ᠤᠯᠠᠮ ᠠᠴᠠ ᠲᠡᠮᠡᠴᠡᠭᠡᠨ ᠢ ᠣᠷᠬᠢᠭᠰᠠᠨ᠃ ᠲᠡᠶᠢᠮᠦ ᠡᠴᠡ ᠮ∙ᠠᠨᠠᠨᠳᠠ ᠂ ᠲᠤᠴᠢᠨᠤᠱᠢᠨ ᠨᠠᠷ ᠤᠨ ᠬᠣᠭᠣᠷᠣᠨᠳᠣ ᠭᠣᠣᠯ ᠥᠷᠢᠰᠦᠯᠳᠦᠭᠡᠨ ᠭᠠᠷᠬᠤ ᠪᠣᠯᠪᠠ ᠤᠤ ᠭᠡᠰᠡᠨ ᠬᠦᠯᠢᠶᠡᠯᠲᠡ ᠡᠭᠦᠰᠦᠭᠰᠡᠨ ᠴᠤ ᠲᠡᠷᠢᠭᠦᠯᠡᠭᠴᠢᠳ ᠦᠨ ᠬᠣᠶᠠᠳᠤᠭᠠᠷ ᠡᠩᠨᠡᠭᠡᠨ ᠳᠦ ᠪᠢᠴᠢᠭᠳᠡᠭᠰᠡᠨ ᠨᠢ ᠠᠩᠬᠠᠷᠤᠯ ᠲᠠᠲᠠᠵᠤ ᠡᠬᠢᠯᠡᠯ᠎ᠡ᠃ ᠲᠠᠪᠤᠳᠤᠭᠠᠷ ᠰᠠᠷ᠎ᠠ ᠶᠢᠨ ᠲᠡᠮᠡᠴᠡᠭᠡᠨ ᠰᠣᠨᠢᠨ ᠬᠠᠴᠢᠨ ᠶᠡᠬᠡ ᠲᠡᠢ ᠥᠷᠨᠢᠭᠰᠡᠭᠡᠷ ᠪᠠᠶᠢᠨ᠎ᠠ᠃  ᠪᠠᠱᠶᠤ᠋ ᠡᠬᠢᠯᠡᠬᠦ ᠡᠴᠡ ᠡᠮᠦᠨ᠎ᠡ ᠮ∙ᠳᠠᠸᠠᠵᠢᠷᠭᠠᠯ ᠪᠠᠷᠢᠯᠳᠤᠬᠤ ᠦᠭᠡᠢ ᠭᠡᠰᠡᠨ ᠰᠢᠢᠳᠪᠦᠷᠢ ᠭᠠᠷᠭᠠᠭᠰᠠᠨ ᠢᠶᠠᠷ ᠪᠤᠰᠤᠳ ᠪᠥᠬᠡᠴᠦᠳ ᠲᠦ ᠲᠦᠷᠦᠭᠦᠯᠡᠬᠦ ᠪᠣᠯᠤᠮᠵᠢ ᠨᠡᠭᠡᠭᠡᠭᠳᠡᠭᠰᠡᠨ ᠪᠢᠯᠡ᠃ ᠡᠨᠡ ᠰᠠᠷ᠎ᠠ ᠶᠢᠨ ᠲᠡᠮᠡᠴᠡᠭᠡᠨ ᠳᠦ ᠲᠦᠷᠦᠭᠦᠯᠡᠭᠰᠡᠨ ᠪᠥᠬᠡ ᠠᠮᠧᠷᠢᠺᠠ ᠶᠢᠨ ᠶᠡᠷᠦᠩᠬᠡᠶᠢᠯᠡᠭᠴᠢ ᠳ∙ᠲᠷᠠᠮᠫ ᠠᠴᠠ ᠱᠠᠩᠨᠠᠯ ᠭᠠᠷᠳᠠᠵᠤ ᠠᠪᠬᠤ ᠠᠴᠠ ᠭᠠᠳᠠᠨ᠎ᠠ  ᠷᠸᠢᠢᠸ᠎ᠠ ᠣᠨ ᠲᠣᠭᠠᠯᠠᠯ ᠤᠨ ᠠᠩᠬᠠᠨ ᠤ ᠪᠠᠱᠶᠤ᠋ ᠳᠤ ᠲᠦᠷᠦᠭᠦᠯᠡᠭᠰᠡᠨ ᠪᠥᠬᠡ ᠭᠡᠵᠦ ᠨᠡᠷᠡᠯᠡᠭᠳᠡᠬᠦ ᠤᠴᠢᠷ ᠦᠯᠡᠳᠡᠭᠰᠡᠨ ᠡᠳᠦᠷ ᠦᠳ ᠦᠨ ᠪᠠᠷᠢᠯᠳᠤᠭᠠᠨ ᠤᠯᠠᠮ ᠶᠡᠬᠡ ᠠᠩᠬᠠᠷᠤᠯ ᠲᠠᠲᠠᠭᠰᠠᠭᠠᠷ ᠪᠠᠶᠢᠨ᠎ᠠ᠃

ᠰᠡᠳᠬᠢᠭᠳᠡᠯ ᠦᠯᠡᠳᠡᠭᠡᠬᠦ