︽ᠡᠪ ᠮᠣᠳᠣ︾᠂ ︽ᠠᠯᠲᠠᠷᠭᠠᠨ᠎ᠠ︾ ᠨᠠᠭᠠᠳᠤᠮ ᠢ ᠬᠠᠮᠲᠤᠳᠬᠠᠨ ᠲᠡᠮᠳᠡᠭᠯᠡᠨ᠎ᠡ | News.MN

︽ᠡᠪ ᠮᠣᠳᠣ︾᠂ ︽ᠠᠯᠲᠠᠷᠭᠠᠨ᠎ᠠ︾ ᠨᠠᠭᠠᠳᠤᠮ ᠢ ᠬᠠᠮᠲᠤᠳᠬᠠᠨ ᠲᠡᠮᠳᠡᠭᠯᠡᠨ᠎ᠡ

ᠪᠤᠯᠠᠭᠠᠨ ᠠᠶᠢᠮᠠᠭ ᠤᠨ ᠲᠡᠰᠢᠭ ᠰᠤᠮᠤᠨ ᠳᠤ ᠡᠨᠡ ᠵᠢᠯ ᠪᠣᠯᠬᠤ ᠬᠥᠷᠰᠢ ᠵᠡᠷᠭᠡᠯᠡᠳᠡᠭᠡ ᠣᠷᠣᠰ ᠬᠣᠯᠪᠣᠭᠠᠨ ᠤ ᠤᠯᠤᠰ ᠤᠨ ᠪᠤᠷᠢᠶᠠᠳ ᠤᠯᠤᠰ ᠤᠨ ᠵᠠᠺᠠᠮᠧᠨᠰᠺ᠂ ᠮᠠᠨ ᠤ ᠤᠯᠤᠰ ᠤᠨ ᠪᠤᠯᠠᠭᠠᠨ ᠠᠶᠢᠮᠠᠭ ᠤᠨ ᠠᠷᠠᠳ ᠲᠦᠮᠡᠨ ᠦ ᠤᠯᠠᠮᠵᠢᠯᠠᠯᠲᠤ  ︽ᠡᠪ ᠮᠣᠳᠣ︾᠂ ᠪᠤᠷᠢᠶᠠᠳ ᠵᠣᠨ ᠤ  ︽ᠠᠯᠲᠠᠷᠭᠠᠨ᠎ᠠ ︾ ᠨᠠᠭᠠᠳᠤᠮ ᠢ ᠬᠠᠮᠲᠤᠳᠬᠠᠨ ᠵᠣᠬᠢᠶᠠᠨ ᠪᠠᠶᠢᠭᠤᠯᠬᠤ ᠪᠠᠷ ᠪᠣᠯᠤᠯ᠎ᠠ᠃
ᠠᠶᠢᠮᠠᠭ ᠤᠨ ᠢᠷᠭᠡᠳ ᠦᠨ ᠲᠥᠯᠥᠭᠡᠯᠡᠭᠴᠢᠳ ᠦᠨ ᠬᠤᠷᠠᠯ ᠲᠤᠰ ᠰᠤᠮᠤ ᠶᠢᠨ ᠡᠨᠡ ᠵᠢᠯ ᠦᠨ ᠦᠨᠳᠦᠰᠦᠨ ᠦ ᠪᠠᠶᠠᠷ ᠨᠠᠭᠠᠳᠤᠮ᠂ ᠠᠷᠠᠳ ᠤᠨ ᠬᠤᠪᠢᠰᠬᠠᠯ ᠤᠨ 98 ᠵᠢᠯ ᠦᠨ ᠣᠢ ᠶᠢ ᠡᠳᠡᠭᠡᠷ ᠨᠠᠭᠠᠳᠤᠮ ᠲᠠᠢ ᠬᠠᠮᠲᠤ ᠢᠷᠡᠬᠦ ᠳᠣᠯᠣᠳᠤᠭᠠᠷ ᠰᠠᠷ᠎ᠠ ᠶᠢᠨ 2-4 ᠍ ᠦ ᠡᠳᠦᠷ ᠲᠡᠮᠳᠡᠭᠯᠡᠬᠦ ᠶᠢ ᠵᠥᠪᠰᠢᠶᠡᠷᠡᠭᠰᠡᠨ ᠪᠠᠶᠢᠨ᠎ᠠ᠃ ᠤᠯᠠᠮᠵᠢᠯᠠᠯᠲᠤ ᠨᠠᠭᠠᠳᠤᠮ ᠢ ᠤᠭᠲᠤᠵᠤ ᠰᠤᠮᠤ ᠣᠷᠣᠨ ᠨᠤᠲᠤᠭ ᠤᠨ ᠣᠨᠴᠠᠯᠢᠭ ᠢ ᠬᠠᠷᠠᠭᠤᠯᠤᠭᠰᠠᠨ ᠪᠦᠲᠦᠭᠡᠯᠴᠢ ᠠᠵᠢᠯ ᠥᠷᠨᠢᠭᠦᠯᠬᠦ᠂ ᠪᠤᠷᠢᠶᠠᠳ ᠲᠦᠮᠡᠨ ᠦ ᠶᠣᠰᠣ ᠵᠠᠩᠰᠢᠯ ᠢ ᠥᠪᠯᠡᠭᠦᠯᠬᠦ᠂ ᠲᠦᠭᠡᠭᠡᠨ ᠳᠡᠯᠭᠡᠷᠡᠭᠦᠯᠬᠦ ᠠᠵᠢᠯ ᠵᠣᠬᠢᠶᠠᠨ ᠪᠠᠶᠢᠭᠤᠯᠬᠤ ᠶᠢ ᠲᠡᠰᠢᠭ ᠰᠤᠮᠤ ᠶᠢᠨ ᠵᠠᠰᠠᠭ ᠳᠠᠷᠤᠭ᠎ᠠ ᠳᠤ ᠳᠠᠭᠠᠭᠠᠯᠭᠠᠯ᠎ᠠ ᠭᠡᠵᠦ ᠠᠶᠢᠮᠠᠭ ᠤᠨ ᠢᠷᠭᠡᠳ ᠦᠨ ᠲᠥᠯᠥᠭᠡᠯᠡᠭᠴᠢᠳ ᠦᠨ ᠬᠤᠷᠠᠯ ᠤᠨ ᠠᠵᠢᠯ ᠤᠨ ᠠᠯᠪᠠ ᠮᠡᠳᠡᠭᠡᠯᠡᠯ᠎ᠡ᠃

ᠰᠡᠳᠬᠢᠭᠳᠡᠯ ᠦᠯᠡᠳᠡᠭᠡᠬᠦ