︽ᠪᠣᠰᠤᠭ᠎ᠠ ᠪᠢᠴᠢᠭ ᠮᠢᠨᠤ︾ ᠠᠶᠢᠮᠠᠭ ᠤᠨ ᠠᠩᠬᠠᠳᠤᠭᠠᠷ ᠤᠷᠤᠯᠳᠤᠭᠠᠨ ᠪᠣᠯᠤᠯ᠎ᠠ | News.MN

︽ᠪᠣᠰᠤᠭ᠎ᠠ ᠪᠢᠴᠢᠭ ᠮᠢᠨᠤ︾ ᠠᠶᠢᠮᠠᠭ ᠤᠨ ᠠᠩᠬᠠᠳᠤᠭᠠᠷ ᠤᠷᠤᠯᠳᠤᠭᠠᠨ ᠪᠣᠯᠤᠯ᠎ᠠ

︽ᠦᠨᠳᠦᠰᠦᠨ ᠦ ᠪᠢᠴᠢᠭ ᠦᠰᠦᠭ ᠦᠨ ᠪᠠᠶᠠᠷ ᠤᠨ ᠡᠳᠦᠷ 》 ᠍ ᠢ ᠲᠣᠬᠢᠶᠠᠯᠳᠤᠭᠤᠯᠤᠨ  ︽ᠪᠣᠰᠤᠭ᠎ᠠ ᠪᠢᠴᠢᠭ  ᠮᠢᠨᠤ ︾ ᠮᠣᠩᠭᠣᠯ ᠪᠢᠴᠢᠭ ᠦᠨ ᠥᠪᠦᠷᠬᠠᠩᠭᠠᠢ ᠠᠶᠢᠮᠠᠭ ᠤᠨ ᠠᠩᠬᠠᠳᠤᠭᠠᠷ ᠤᠷᠤᠯᠳᠤᠭᠠᠨ  ᠪᠤᠯᠤᠯ᠎ᠠ ᠃ ᠮᠣᠩᠭᠣᠯ ᠦᠨᠳᠦᠰᠦᠨ ᠦ ᠪᠢᠴᠢᠭ ᠰᠤᠶᠤᠯ ᠢᠶᠠᠨ ᠵᠠᠯᠠᠭᠤ ᠦᠶ᠎ᠡ ᠳᠦ ᠪᠡᠨ ᠥᠪᠯᠡᠭᠦᠯᠬᠦ᠂ ᠰᠤᠷᠴᠤ ᠡᠵᠡᠮᠰᠢᠬᠦ ᠬᠦᠰᠡᠯ ᠡᠷᠮᠡᠯᠵᠡᠯᠡᠯ ᠢ ᠲᠥᠷᠥᠭᠦᠯᠬᠦ ᠵᠣᠷᠢᠯᠭ᠎ᠠ ᠲᠠᠢ ᠲᠤᠰ ᠤᠷᠤᠯᠳᠤᠭᠠᠨ ᠳᠤ ᠠᠷᠪᠠᠢ ᠬᠡᠭᠡᠷ ᠰᠤᠮᠤ ᠶᠢᠨ ᠶᠡᠷᠦᠩᠬᠡᠢ ᠪᠣᠯᠪᠠᠰᠤᠷᠠᠯ ᠤᠨ ᠰᠤᠷᠭᠠᠭᠤᠯᠢ ᠨᠤᠭᠤᠳ᠂ ᠫᠣᠯᠢᠲ᠋ᠧᠭᠨᠢᠭ ᠤᠨ ᠺᠣᠯᠯᠧᠵᠢ ᠶᠢᠨ 179 ᠰᠤᠷᠤᠭᠴᠢ ᠣᠷᠣᠯᠴᠠᠭᠰᠠᠨ ᠪᠥᠭᠡᠳ ᠰᠢᠯᠢᠳᠡᠭ ᠪᠦᠲᠦᠭᠡᠯ ᠢᠶᠡᠷ ᠢᠶᠡᠨ ᠰᠢᠯᠭᠠᠷᠠᠭᠰᠠᠨ 34 ᠰᠤᠷᠤᠭᠴᠢᠳ ᠤᠨ ᠱᠠᠩᠨᠠᠯ ᠢ ᠬᠡᠦᠬᠡᠳ ᠦᠨ ᠪᠠᠶᠢᠭᠤᠯᠤᠯᠭ᠎ᠠ ᠡᠭᠦᠰᠴᠦ ᠬᠥᠭᠵᠢᠭᠰᠡᠨ ᠦ ᠲᠡᠦᠬᠡᠲᠦ 94 ᠵᠢᠯ ᠦᠨ ᠣᠢ ᠶᠢᠨ ᠪᠠᠶᠠᠷ ᠤᠨ ᠡᠳᠦᠷ ᠢᠶᠡᠷ ᠭᠠᠷᠳᠠᠭᠤᠯᠤᠭᠰᠠᠨ ᠶᠤᠮ᠃
ᠮᠥᠨ ᠠᠶᠢᠮᠠᠭ ᠤᠨ ᠲᠥᠪ ᠨᠣᠮ ᠤᠨ ᠰᠠᠩ ᠠᠴᠠ ᠲᠤᠰ ᠡᠳᠦᠷ ᠢ ᠲᠣᠬᠢᠶᠠᠯᠳᠤᠭᠤᠯᠤᠨ ︽ᠠᠯᠳᠠᠭ᠎ᠠ ᠦᠭᠡᠢ ᠵᠥᠪ ᠪᠢᠴᠢᠭᠲᠡᠨ︾᠂ ︽ᠲᠡᠷᠢᠭᠦᠨ ᠦ ᠤᠩᠰᠢᠭᠴᠢ︾᠂  ︽ᠴᠡᠪᠡᠷ ᠰᠠᠶᠢᠬᠠᠨ ᠪᠢᠴᠢᠭᠲᠡᠨ︾᠂  ︽ᠮᠢᠨᠦ ᠮᠣᠩᠭᠣᠯ ᠪᠢᠴᠢᠭ ︾ ᠪᠦᠲᠦᠭᠡᠯ ᠦᠨ᠂ ᠪᠢᠷ ᠦᠨ᠂ ᠤᠷᠠᠨ ᠪᠢᠴᠢᠪᠦᠷᠢ ᠶᠢᠨ ᠤᠷᠤᠯᠳᠤᠭᠠᠨ᠂  ︽ᠮᠢᠨᠦ ᠮᠡᠳᠡᠬᠦ ᠦᠯᠢᠭᠡᠷ ᠦᠨ ᠪᠠᠭᠠᠲᠤᠷ ︾ ᠳᠦᠷᠢ ᠶᠢᠨ ᠲᠣᠭᠯᠠᠯᠲᠠ ᠶᠢᠨ ᠤᠷᠤᠯᠳᠤᠭᠠᠨ ᠢ ᠵᠣᠬᠢᠶᠠᠨ ᠪᠠᠶᠢᠭᠤᠯᠵᠤ᠂ ᠰᠢᠯᠢᠳᠡᠭ ᠦᠳ ᠢ ᠰᠢᠯᠭᠠᠷᠠᠭᠤᠯᠤᠯ᠎ᠠ᠃ ᠡᠨᠡ ᠦᠶ᠎ᠡ ᠪᠡᠷ ︽ᠣᠯᠠᠭᠤᠯᠠ ᠪᠠᠨ ᠤᠩᠰᠢᠵᠤ᠂ ᠬᠥᠭᠵᠢᠶ᠎ᠡ︾ ᠨᠣᠮ ᠤᠩᠰᠢᠬᠤ 3 ᠰᠠᠷ᠎ᠠ ᠶᠢᠨ ᠠᠶᠠᠨ ᠢ ᠳ᠋ᠦᠩᠨᠡᠵᠦ᠂  ︽ᠰᠢᠯᠢᠳᠡᠭ ᠠᠩᠭᠢ ︾᠂ ︽ᠰᠢᠯᠢᠳᠡᠭ ᠤᠩᠰᠢᠭᠴᠢ ︾ ᠍ ᠶᠢ ᠣᠯᠠᠨ ᠤᠯᠤᠰ ᠤᠨ ᠨᠠᠶᠢᠷᠠᠮᠳᠠᠯ ᠵᠤᠰᠠᠯᠠᠩ ᠳᠤ ᠠᠮᠠᠷᠠᠬᠤ ᠡᠷᠬᠡ ᠶᠢᠨ ᠪᠢᠴᠢᠭ ᠢᠶᠡᠷ ᠱᠠᠩᠨᠠᠵᠤ ᠤᠷᠮᠠᠰᠢᠭᠤᠯᠪᠠ᠃

ᠰᠡᠳᠬᠢᠭᠳᠡᠯ ᠦᠯᠡᠳᠡᠭᠡᠬᠦ